ᠳᠠᠯᠠᠢ ᠨᠠᠭᠤᠷ ᠤ᠋ᠨ ᠰᠠᠷ᠎ᠠ -ᠰᠣᠳᠣᠨ᠌ᠤ᠋ᠷᠠᠯᠢᠭ Dalai nuuryn sar-SodonurlagДалай нуурын сар-Содонурлаг
ᠳᠠᠯᠠᠢ ᠨᠠᠭᠤᠷ ᠤ᠋ᠨ ᠰᠠᠷ᠎ᠠ
ᠦᠭᠡ᠄ ᠰᠡᠴᠡᠨᠳᠠᠯᠠᠢ
ᠠᠶ᠎ᠠ᠄ ᠰᠢᠨᠵᠢᠯᠲᠦ
ᠳᠠᠭᠤᠴᠢᠨ᠄ ᠰᠣᠳᠤᠡᠡᠤᠷᠠᠯᠢᠭ
ᠭᠠᠵᠠᠷ ᠲᠩᠷᠢ ᠶ᠋ᠢᠨ ᠵᠠᠭᠠᠭ ᠲᠤᠨᠢ
ᠭᠠᠩᠭᠠᠩ ᠨᠠᠭᠤᠷ ᠨᠢ ᠳᠤᠨᠢᠶᠠᠷᠲᠤᠨᠠ
ᠭᠠᠭᠴᠠ ᠯᠠ ᠨᠤᠲᠤᠭ ᠢ᠋ᠶ᠋ᠠᠨ ᠵᠣᠷᠢᠬᠤ ᠳ᠋ᠤ᠌ ᠮᠢᠨᠢ
ᠭᠠᠩᠭᠠᠷ ᠰᠢᠪᠠᠭᠤᠳ ᠨᠢ ᠳᠣᠩᠭᠣᠳᠤᠨ᠎ᠠ
ᠭᠦᠶᠦᠭᠦᠯ ᠬᠡᠭᠡᠷ ᠦ᠋ᠨ ᠰᠠᠯᠬᠢᠨ ᠳ᠋ᠤᠨᠢ
ᠬᠥᠩᠭᠡᠷ ᠦ᠋ᠨ ᠭᠣᠣᠯ ᠨᠢ ᠮᠢᠷᠠᠯᠵᠠᠨ᠎ᠠ
ᠬᠣᠩᠭᠣᠷ ᠵᠢᠰᠦᠨ ᠨᠠᠭᠤᠷᠠᠨ ᠳ᠋ᠤᠨᠢ
ᠬᠣᠯᠠ ᠶ᠋ᠢᠨ ᠰᠠᠷ᠎ᠠ ᠨᠢ ᠮᠡᠯᠲᠡᠭᠡᠨᠡᠨ᠎ᠡ
ᠳᠠᠭᠤᠤ ᠶ᠋ᠢᠨ ᠳᠤᠮᠳᠠ ᠪᠠᠨ ᠤᠶᠠᠩᠭᠠᠷᠠᠭᠰᠠᠨ
ᠪᠦᠰᠡᠭᠦᠢ ᠶ᠋ᠢᠨ ᠴᠡᠩᠬᠡᠷ ᠲᠣᠯᠢᠨ ᠨᠠᠭᠤᠷ ᠠ᠋
ᠳᠣᠮᠣᠭ ᠤ᠋ᠨ ᠳᠤᠮᠳᠠ ᠪᠠᠨ ᠮᠥᠩᠬᠡᠷᠡᠭᠰᠡᠨ
ᠪᠥᠷᠲᠡ ᠦᠵᠢᠨ ᠦ᠌ ᠳᠠᠯᠠᠢ ᠨᠠᠭᠤᠷ ᠠ᠋
ᠵᠦᠯᠭᠡ ᠶ᠋ᠢᠨ ᠴᠡᠴᠡᠭᠡᠰ ᠦ᠋ᠨ ᠳᠡᠨᠵᠢᠨ ᠳ᠋ᠦ᠍ᠨᠢ
ᠵᠦᠩ ᠦ᠋ᠨ ᠬᠤᠷ᠎ᠠ ᠨᠢ ᠵᠦᠰᠡᠷᠡᠨ᠎ᠡ
ᠮᠥᠩᠬᠡ ᠶ᠋ᠢᠨ ᠴᠡᠩᠭᠡᠭ ᠤᠰᠤᠨ ᠳ᠋ᠤᠨᠢ
ᠮᠥᠩᠭᠥᠨ ᠰᠠᠷ᠎ᠠ ᠨᠢ ᠵᠡᠭᠦᠳᠦᠯᠡᠨ᠎ᠡ
ᠳᠠᠭᠤᠤ ᠶ᠋ᠢᠨ ᠳᠤᠮᠳᠠ ᠪᠠᠨ ᠤᠶᠠᠩᠭᠠᠷᠠᠭᠰᠠᠨ
ᠪᠦᠰᠡᠭᠦᠢ ᠶ᠋ᠢᠨ ᠴᠡᠩᠬᠡᠷ ᠲᠣᠯᠢᠨ ᠨᠠᠭᠤᠷ ᠠ᠋
ᠳᠣᠮᠣᠭ ᠤ᠋ᠨ ᠳᠤᠮᠳᠠ ᠪᠠᠨ ᠮᠥᠩᠬᠡᠷᠡᠭᠰᠡᠨ
ᠪᠥᠷᠲᠡ ᠥᠵᠢᠨ ᠦ᠌ ᠳᠠᠯᠠᠢ ᠨᠠᠭᠤᠷ ᠠ᠋
ᠪᠥᠷᠲᠡ ᠦᠵᠢᠨ ᠦ᠌ ᠳᠠᠯᠠᠢ ᠨᠠᠭᠤᠷ ᠠ᠋
ᠪᠥᠷᠲᠡ ᠥᠵᠢᠨ ᠦ᠌ ᠳᠠᠯᠠᠢ ᠨᠠᠭᠤᠷ ᠠ᠋
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
