ᠰᠠᠨᠠᠵᠤ ᠳᠠᠭᠤᠯᠠᠬᠤ ᠬᠣᠷᠸ᠎ᠠ - ᠵᠢᠮᠢᠰSanaj duulakh khorvoo-JimsСанаж дуулах хорвоо-Жимс ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠵᠤ ᠳᠠᠭᠤᠯᠠᠬᠤ ᠬᠣᠷᠸ᠎ᠠ - ᠵᠢᠮᠢᠰSanaj duulakh khorvoo-JimsСанаж дуулах хорвоо-Жимс

ᠰᠠᠨᠠᠵᠤ ᠳᠠᠭᠤᠯᠠᠬᠤ ᠬᠣᠷᠸ᠎ᠠ - ᠵᠢᠮᠢᠰSanaj duulakh khorvoo-JimsСанаж дуулах хорвоо-Жимс

ᠠᠩᠭᠢᠯᠠᠯ:ᠳᠠᠭᠤᠤ ᠬᠥᠭᠵᠢᠮ
2026-05-16

66

ᠰᠠᠨᠠᠵᠤ ᠳᠠᠭᠤᠯᠠᠬᠤ ᠬᠣᠷᠸ᠎ᠠ


       ᠦᠭᠡ ᠄ ᠠᠰᠬᠠᠨ 
       ᠠᠶ᠎ᠠ ᠄ ᠪᠠᠶᠠᠨᠴᠡᠩᠭᠡᠯ 
       ᠳᠠᠭᠤᠴᠢᠨ ᠄ ᠵᠢᠮᠢᠰ 

ᠰᠦᠮᠪᠦᠷ ᠠᠭᠤᠯᠠ ᠰᠢᠭ᠋  ᠲᠦᠰᠢᠭ ᠰᠠᠨᠠᠭᠳᠠᠬᠤ 
ᠪᠤᠭᠤᠷᠤᠯ ᠠᠪᠤ ᠮᠢᠨᠢ ᠠᠮᠤᠷ ᠰᠠᠢᠨ ᠤᠤ 
ᠰᠠᠭᠠᠭᠰᠠᠨ ᠰᠦ ᠰᠢᠭ ᠬᠠᠯᠠᠭᠤᠨ ᠪᠣᠳᠣᠭᠳᠠᠬᠤ 
ᠪᠤᠶᠠᠨᠲᠤ ᠡᠵᠢ ᠮᠢᠨᠢ ᠮᠡᠨᠳᠦ ᠰᠠᠢᠨ ᠤᠤ 

ᠰᠠᠢᠬᠠᠨ ᠲᠠ ᠨᠠᠷ ᠢ᠋ ᠪᠡᠨ ᠰᠠᠨᠠᠨ ᠰᠠᠨᠠᠭᠰᠠᠭᠠᠷ 
ᠬᠣᠶᠠᠷ ᠨᠢᠳᠦ ᠮᠢᠨᠢ ᠮᠡᠯᠮᠡᠷᠡᠬᠦ ᠶᠦ᠍ᠮ ᠠ᠋ 
ᠰᠠᠨᠠᠭᠠᠳ ᠵᠣᠯᠭᠠᠬᠤ ᠪᠠᠨ ᠪᠣᠳᠣᠨ ᠪᠣᠳᠣᠭᠰᠠᠭᠠᠷ
ᠬᠣᠩᠭᠣᠷ ᠰᠡᠳᠬᠢᠯ ᠮᠢᠨᠢ ᠤᠶᠠᠷᠠᠬᠤ ᠶᠤᠮ ᠠ᠋

ᠠᠭᠠᠷ ᠤ᠋ᠨ ᠨᠠᠷᠠ ᠰᠢᠭ᠋  ᠭᠢᠯᠠᠷᠠᠵᠤ ᠶᠠᠪᠤᠬᠤ
ᠠᠬ᠎ᠠ ᠡᠭᠡᠴᠢ ᠮᠢᠨᠢ ᠬᠡᠢᠮᠣᠷᠢ ᠰᠠᠢᠨ ᠤᠤ
ᠲᠠᠯ᠎ᠠ ᠶ᠋ᠢᠨ ᠴᠡᠴᠡᠭ ᠰᠢᠭ ᠠᠯᠢᠶᠠᠯᠠᠨ ᠢᠨᠢᠶᠡᠬᠦ
ᠳᠡᠭᠦᠦ ᠨᠠᠷ ᠬᠡᠦᠬᠡᠳ ᠮᠢᠨᠢ ᠥᠯᠵᠡᠢ ᠰᠠᠢᠨ ᠤᠤ

ᠰᠠᠢᠬᠠᠨ ᠲᠠ ᠨᠠᠷ ᠢ᠋ ᠪᠡᠨ ᠰᠠᠨᠠᠨ ᠰᠠᠨᠠᠭᠰᠠᠭᠠᠷ
ᠰᠡᠳᠬᠢᠯ ᠵᠢᠷᠦᠬᠡ ᠮᠢᠨᠢ ᠳᠣᠭᠳᠣᠯᠬᠤ ᠶᠤᠮ ᠠ᠋
ᠰᠠᠨᠠᠭᠠᠳ ᠵᠣᠯᠭᠠᠬᠤ ᠪᠠᠨ ᠪᠣᠳᠣᠨ ᠪᠣᠳᠣᠭᠰᠠᠭᠠᠷ
ᠰᠠᠷᠠᠪᠴᠢᠯᠠᠨ ᠬᠠᠷᠠᠭᠰᠠᠭᠠᠷ ᠰᠠᠭᠤᠬᠤ ᠶᠤᠮ ᠠ᠋

ᠰᠠᠢᠬᠠᠨ ᠲᠠ ᠨᠠᠷ ᠢ᠋ ᠪᠡᠨ ᠰᠠᠨᠠᠨ ᠰᠠᠨᠠᠭᠰᠠᠭᠠᠷ
ᠰᠡᠳᠬᠢᠯ ᠵᠢᠷᠦᠬᠡ ᠮᠢᠨᠢ ᠳᠣᠭᠳᠣᠯᠬᠤ ᠶᠤᠮ ᠠ᠋
ᠰᠠᠨᠠᠭᠠᠳ ᠵᠣᠯᠭᠠᠬᠤ ᠪᠠᠨ ᠪᠣᠳᠣᠨ ᠪᠣᠳᠣᠭᠰᠠᠭᠠᠷ
ᠰᠠᠷᠠᠪᠴᠢᠯᠠᠨ ᠬᠠᠷᠠᠭᠰᠠᠭᠠᠷ ᠰᠠᠭᠤᠬᠤ ᠶᠤᠮ ᠠ᠋
ᠰᠠᠷᠠᠪᠴᠢᠯᠠᠨ ᠬᠠᠷᠠᠭᠰᠠᠭᠠᠷ ᠰᠠᠭᠤᠬᠤ ᠶᠤᠮ ᠠ᠋

     ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
     ᠦᠰᠦᠭ ᠬᠢᠨᠠᠭᠴᠢ᠄ ᠢᠷᠡᠭᠡᠳᠦᠢ