ᠮᠣᠷᠢᠲᠠᠢ ᠰᠠᠭᠠᠬᠠᠯᠲᠠ -ᠣᠶᠤᠨᠪᠢᠯᠢᠭ᠌ Moritoi saakhalt-OyuunbilegМорьтой саахалт-Оюунбилэг
ᠮᠣᠷᠢᠲᠠᠢ ᠰᠠᠭᠠᠬᠠᠯᠲᠠ
ᠰᠢᠯᠦᠭ᠄ ᠬᠡᠷᠡᠢᠳ᠂ ᠰᠣᠳᠤᠪᠢᠯᠢᠭ᠌
ᠠᠶ᠎ᠠ᠄ ᠲᠦ᠊᠂ ᠤᠯᠠᠭᠠᠨᠪᠠᠭᠠᠲᠤᠷ
ᠳᠠᠭᠤᠴᠢᠨ᠄ ᠣᠶᠤᠨᠪᠢᠯᠢᠭ᠌
ᠲᠡᠦᠬᠡ ᠶ᠋ᠢᠨ ᠤᠯᠪᠠᠭ᠎ᠠ ᠶ᠋ᠢ ᠮᠥᠷᠳᠡᠵᠦ ᠨᠡᠭᠦᠭᠰᠡᠨ
ᠲᠩᠷᠢ ᠶ᠋ᠢᠨ ᠵᠠᠶᠠᠭᠠᠲᠤ ᠮᠠᠯᠴᠢᠨ ᠲᠦᠮᠡᠨ ᠮᠢᠨᠢ
ᠲᠡᠮᠡᠴᠢ ᠶ᠋ᠢᠨ ᠬᠤᠷᠳᠤᠨ ᠬᠦᠯᠦᠭ ᠨᠢ ᠠᠯᠳᠠᠷ ᠲᠠᠢ
ᠲᠠᠩᠰᠤᠭ ᠪᠠᠢᠭᠠᠯᠢ ᠪᠠᠶᠠᠨᠵᠢᠷᠦᠬᠡ ᠮᠢᠨᠢ
ᠮᠣᠷᠢᠲᠠᠢ ᠰᠠᠭᠠᠬᠠᠯᠲᠠ
ᠮᠠᠨ ᠤ᠋ ᠬᠢᠨ ᠦ᠌ ᠣᠯᠠᠭᠤᠯᠠ ᠪᠠᠨ
ᠮᠣᠷᠢᠲᠠᠨ ᠵᠠᠶᠠᠭ᠎ᠠ
ᠮᠥᠩᠬᠡᠳᠡ ᠥᠭᠡᠳᠡ ᠪᠡᠨ ᠪᠠᠢᠭᠠᠰᠠᠢ
ᠰᠦᠯᠳᠡ ᠬᠡᠢᠮᠣᠷᠢ ᠨᠢ ᠪᠠᠳᠠᠷᠠᠨ ᠰᠡᠷᠭᠦᠭᠰᠡᠨ
ᠰᠦᠨ ᠰᠡᠳᠬᠢᠯᠲᠦ ᠮᠣᠩᠭᠣᠯ ᠲᠦᠮᠡᠨ ᠮᠢᠨᠢ
ᠰᠥᠨᠢᠳ ᠳᠥᠷᠪᠡᠳ ᠴᠠᠬᠠᠷ ᠤ᠋ᠨ ᠬᠢᠵᠠᠭᠠᠷ
ᠰᠦᠵᠢᠭᠯᠡᠨ ᠳᠡᠭᠡᠳᠦᠯᠡᠬᠦ ᠥᠯᠵᠡᠢᠲᠦ ᠨᠤᠲᠤᠭ ᠮᠢᠨᠢ
ᠮᠣᠷᠢᠲᠠᠢ ᠰᠠᠭᠠᠬᠠᠯᠲᠠ
ᠮᠠᠨ ᠤ᠋ ᠬᠢᠨ ᠦ᠌ ᠣᠯᠠᠭᠤᠯᠠ ᠪᠠᠨ
ᠮᠣᠷᠢᠲᠠᠨ ᠵᠠᠶᠠᠭ᠎ᠠ
ᠮᠥᠩᠬᠡᠳᠡ ᠥᠭᠡᠳᠡ ᠪᠡᠨ ᠪᠠᠢᠭᠠᠰᠠᠢ
ᠪᠠᠷᠠᠯᠠᠨ ᠴᠡᠩᠬᠡᠷᠲᠦᠬᠦ ᠠᠭᠤᠯᠠ ᠬᠠᠢᠷᠬᠠᠨ ᠳ᠋ᠤ᠌ ᠪᠠᠨ
ᠪᠠᠶᠠᠨ ᠨᠡᠷ᠎ᠡ ᠪᠡᠨ ᠡᠷᠭᠦᠨ ᠳᠠᠭᠠᠳᠬᠠᠭᠰᠠᠨ
ᠬᠤᠷ᠎ᠠ ᠲᠠᠢ ᠬᠦᠯᠦᠭ ᠦ᠋ᠨ ᠬᠢᠨᠢ ᠰᠢᠨᠳᠠᠰᠤ ᠨᠢ ᠴᠤᠴᠠᠭ᠎ᠠ ᠦᠭᠡᠢ
ᠬᠤᠷᠳᠤᠨ ᠤ᠋ ᠪᠤᠶᠠᠨᠲᠤ ᠮᠣᠷᠢᠲᠠᠢ ᠰᠠᠭᠠᠬᠠᠯᠲᠠ ᠮᠢᠨᠢ
ᠮᠣᠷᠢᠲᠠᠢ ᠰᠠᠭᠠᠬᠠᠯᠲᠠ
ᠮᠠᠨ ᠤ᠋ ᠬᠢᠨ ᠦ᠌ ᠣᠯᠠᠭᠤᠯᠠ ᠪᠠᠨ
ᠮᠣᠷᠢᠲᠠᠨ ᠵᠠᠶᠠᠭ᠎ᠠ
ᠮᠥᠩᠬᠡᠳᠡ ᠥᠭᠡᠳᠡ ᠪᠡᠨ ᠪᠠᠢᠭᠠᠰᠠᠢ
ᠮᠣᠷᠢᠲᠠᠢ ᠰᠠᠭᠠᠬᠠᠯᠲᠠ
ᠮᠠᠨ ᠤ᠋ ᠬᠢᠨ ᠦ᠌ ᠣᠯᠠᠭᠤᠯᠠ ᠪᠠᠨ
ᠮᠣᠷᠢᠲᠠᠨ ᠵᠠᠶᠠᠭ᠎ᠠ
ᠮᠥᠩᠬᠡᠳᠡ ᠥᠭᠡᠳᠡ ᠪᠡᠨ ᠪᠠᠢᠭᠠᠰᠠᠢ
ᠦᠰᠦᠭ ᠬᠠᠳᠠᠭᠴᠢ᠄ ᠮᠥᠩᠭᠥᠨ
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ᠄ ᠣᠳᠬᠠᠨᠰᠣ᠎ᠠ
