ᠭᠤᠷᠪᠠᠨ ᠲᠣᠷᠣᠢ-ᠮᠣᠩᠭᠣᠯ ᠦᠰᠦᠭ ᠬᠠᠳᠠᠭᠰᠠᠨ ᠬᠡᠦᠬᠡᠯᠳᠡᠢ ᠶᠢᠨ ᠺᠢᠨᠣ᠋Гурван торой - хүүхдийн кино
ᠭᠤᠷᠪᠠᠨ ᠲᠣᠷᠤᠢ
ᠡᠷᠳᠡ ᠣᠷᠢᠳᠤ
ᠶ᠋ᠢᠨ ᠴᠠᠭ ᠲᠦ ᠭᠤᠷᠪᠠᠨ ᠲᠣᠷᠤᠢ ᠲᠠᠢ ᠪᠠᠨ ᠠᠮᠢᠳᠤᠷᠠᠳᠠ᠊ᠭ ᠮᠡᠭᠡᠵᠢ ᠪᠠᠶ᠋ᠢᠵᠠᠢ ᠃
ᠡᠵᠢ:
ᠬᠡᠥᠬᠡᠳ ᠊ᠤᠳ ᠮᠢᠨᠢ ᠂ ᠲᠠ ᠨᠠᠷ ᠤᠳᠤ ᠲᠤᠮᠥ ᠪᠤᠯᠤᠯᠠ᠋ ᠂ ᠤᠳᠤ ᠬᠤᠪᠢ ᠵᠠᠶᠠᠭ᠎ᠠ ᠪᠠᠨ ᠬᠠᠶ᠋ᠢᠵᠥ ᠣᠯ ᠂
ᠪᠢ ᠲᠠ ᠨᠠᠷ ᠊ᠢ ᠲᠠᠬᠢᠵᠤ ᠲᠡᠵᠢᠭᠡᠵᠥ ᠴᠢᠲᠠᠬᠤ ᠥᠭᠡᠢ ᠂
ᠡᠵᠢ ᠨᠢ
ᠲᠡᠳᠡᠨ ᠳᠤ ᠬᠤᠯᠠ ᠶ᠋ᠢᠨ ᠬᠤᠳᠠᠨ ᠳᠤ ᠣᠴᠢᠵᠤ ᠥᠪᠡᠷᠰᠡᠳ ᠲᠤ ᠪᠠᠨ ᠪᠠᠶ᠋ᠢᠰᠢᠩ ᠪᠠᠷᠢ ᠬᠡᠵᠣ ᠮᠦᠩᠭᠥ
ᠥᠭᠭᠥᠯᠡ᠋ ᠃
ᠢᠩᠬᠢᠭᠡᠳ ᠭᠤᠷᠪᠠᠨ ᠲᠤᠷᠤᠢ ᠡᠵᠢ ᠶ᠋ᠢᠨ ᠶ᠋ᠢᠠᠨ ᠭᠡᠷ ᠡᠴᠡ ᠬᠠᠮᠳᠣ ᠶᠠᠪᠤᠵᠠᠢ ᠃
ᠶᠠᠪᠤᠬᠣ ᠵᠠᠮ ᠳᠤ
ᠪᠠᠨ ᠲᠠᠷᠡ ᠭᠣᠷᠪᠠ ᠲᠤᠮᠤ ᠢᠨᠵᠢᠷ ᠊ᠤᠨ ᠮᠤᠳᠤᠨ ᠲᠤᠤᠷᠠ᠋ ᠬᠤᠨᠤ᠊ᠭ ᠲᠦᠬᠡᠷᠢᠬᠦᠯᠦᠩᠬᠡᠨ᠂ ᠬᠡᠳᠣ ᠶ᠋ᠢᠨ ᠲᠥᠯᠥᠪᠯᠡᠭᠡ
ᠪᠠᠨ ᠶᠠᠷᠢᠯᠴᠠᠵᠣ ᠰᠠᠭᠣᠪᠠ ᠃
ᠨᠢᠬᠡᠳᠦᠭᠡᠷ
ᠲᠣᠷᠤᠢ: ᠪᠢᠲᠡ ᠣᠲᠤ ᠥᠪᠡᠷᠰᠡᠳ ᠊ᠢ ᠪᠠᠨ ᠪᠠᠳᠣᠯᠠᠬᠣ ᠪᠤᠯᠤᠮᠵᠢ ᠤᠯᠳᠠᠯᠠ᠋ ᠂ ᠭᠤᠷᠪᠠᠨ ᠲᠣᠰ ᠲᠦ
ᠪᠠᠨ ᠵᠠᠮ ᠶ᠋ᠢᠠᠷ ᠶᠠᠪᠣᠵᠣ ᠠᠵᠠ ᠪᠠᠨ ᠰᠣᠷᠢᠵᠠᠭᠠᠪᠠᠯ ᠶᠠᠮᠠᠷ ᠪᠣᠢ ?
ᠤᠷᠤᠢ: ᠲᠡᠶ᠋ᠢᠮᠤ
ᠡ᠂ ᠪᠢᠲᠡ ᠥᠪᠡᠷᠰᠡᠳ ᠊ᠤᠨ ᠬᠥᠴᠥ ᠪᠠᠷ ᠠᠮᠢ ᠵᠢᠭᠤᠵᠤ ᠴᠢᠳᠠᠨ᠎ᠠ ᠃
ᠨᠦᠭᠦᠬᠡ
ᠬᠤᠶᠠᠷ ᠡᠴᠡ ᠪᠠᠨ ᠠᠷᠠᠢ ᠣᠬᠠᠭᠠᠯᠢᠭ ᠭᠣᠷᠪᠠᠳᠡᠬᠢ ᠲᠤᠷᠤᠢ ᠳᠤ ᠰᠠᠯᠵᠣ ᠶᠠᠪᠣᠬᠤ ᠰᠠᠨᠠᠭ᠎ᠠ
ᠲᠠᠭᠠᠯᠠᠬᠳᠠᠬᠰᠠᠨ ᠥᠭᠡᠢ ᠃ ᠭᠡᠨᠡᠨ ᠴᠠᠶ᠋ᠢᠯᠭᠠᠨ ᠠᠬᠠ᠋ ᠨᠠᠷ ᠊ᠢ ᠨᠢ ᠬᠡᠨ ᠴᠤ᠌ ᠠᠰᠢᠬᠯᠠᠵᠤ ᠮᠡᠳᠡᠨ᠎ᠠ
᠂ ᠠᠬᠠ᠋ ᠨᠠᠷ ᠨᠢ ᠵᠣᠪᠠᠯᠠᠩ ᠳᠤ ᠣᠨᠠᠨ᠎ᠠ ᠬᠡᠵᠣ ᠲᠡᠷᠡ ᠮᠡᠳᠡᠵᠣ ᠪᠠᠶ᠋ᠢᠪᠠ ᠃
ᠭᠣᠷᠪᠠᠳᠤᠭᠠᠷ
ᠲᠤᠷᠤᠢ: ᠠᠬᠠ᠋ ᠨᠠᠷ
ᠠ᠋᠂ ᠪᠢ ᠲᠠ ᠨᠠᠷ ᠲᠠᠢ ᠰᠠᠨᠠᠯ ᠨᠡᠶ᠋ᠢᠯᠡᠬᠦ ᠥᠭᠡᠢ ᠪᠠᠶ᠋ᠢᠨ᠎ᠠ᠂ ᠪᠢᠲᠡ ᠡᠪᠳᠠᠢ ᠪᠠᠶ᠋ᠢᠪᠠᠯ ᠬᠦᠴᠤ ᠲᠠᠢ᠂
ᠪᠢᠲᠡ ᠬᠥᠴᠥ ᠪᠠᠨ ᠲᠠᠷᠠᠮᠳᠠᠭᠤᠯᠵᠤ ᠪᠣᠯᠬᠣ ᠦᠭᠡᠢ ᠃
ᠨᠢᠬᠡᠳᠦᠭᠡᠷ
ᠲᠣᠷᠤᠢ: ᠴᠢ ᠥᠷᠭᠥᠯᠵᠢ ᠯᠡ ᠨᠤᠮ ᠠᠢᠯᠠᠳᠴᠤ ᠪᠠᠶ᠋ᠢᠬᠣ ᠶᠤᠮ ᠡ ᠂ ᠪᠢᠲᠡ ᠶᠠᠭᠤ ᠬᠢᠬᠦ ᠂ ᠶᠠᠭᠤ ᠬᠢᠬᠦ
ᠥᠭᠡᠢ ᠪᠠᠨ ᠮᠡᠳᠡᠵᠣ ᠪᠠᠶ᠋ᠢᠨ᠎ᠠ᠂ ᠵᠠ ᠊ᠤᠤ !
ᠬᠤᠶᠠᠳᠤᠭᠠᠷ
ᠲᠣᠷᠤᠢ: ᠲᠡᠶ᠋ᠢᠮᠤ ᠡ ᠂ ᠪᠢᠲᠡ ᠣᠲᠤ ᠴᠢᠨᠣ ᠥᠬᠡᠡ ᠳᠤ ᠴᠢᠨᠢ ᠣᠷᠣᠵᠣ ᠪᠠᠶ᠋ᠢᠲᠠᠭ ᠡᠵᠢ ᠶ᠋ᠢᠨ ᠨᠢᠯᠬᠠ᠋ ᠬᠡᠦᠬᠡᠰ ᠪᠢᠰᠢ ᠰᠢᠥ ᠳ᠋ᠡ !
ᠭᠤᠷᠪᠠᠲᠤᠭᠠᠷ
ᠲᠣᠷᠤᠢ: ᠵᠠ ᠵᠠ ᠂ ᠰᠠᠨᠠᠯ ᠨᠢᠬᠡ ᠪᠠᠶ᠋ᠢᠨ᠎ᠠ᠂ ᠪᠢᠲᠡ ᠪᠥᠭᠥᠳᠡ ᠳᠤ ᠲᠣᠰᠠᠯᠠᠬᠣ ᠨᠢᠬᠡ ᠰᠠᠨᠠᠭ᠎ᠠ ᠨᠠᠳᠠᠳᠤ
ᠪᠠᠶ᠋ᠢᠨ᠎ᠠ ᠃
ᠨᠢᠬᠡᠳᠦᠭᠡᠷ
ᠲᠣᠷᠤᠢ: ᠠ ᠁
ᠭᠣᠷᠪᠠᠳᠤᠭᠠᠷ
ᠲᠤᠷᠤᠢ: ᠭᠤᠷᠪᠠᠭᠤᠯᠠ ᠲᠣᠰ ᠲᠣᠰ ᠲᠦ ᠪᠠᠨ ᠪᠠᠶ᠋ᠢᠰᠢᠩ ᠪᠠᠷᠢᠵᠤ ᠭᠠᠬᠴᠠ ᠭᠠᠬᠴᠠ ᠪᠠᠷ ᠶ᠋ᠢᠠᠨ
ᠠᠮᠢᠳᠤᠷᠠᠶ᠎ᠠ᠂ ᠬᠡᠨ ᠴᠤ᠌ ᠬᠡᠨ ᠊ᠤ ᠪᠠᠨ ᠬᠡᠷᠡᠭ᠌ ᠲᠦ ᠤᠷᠤᠯᠴᠠᠬᠣ ᠦᠭᠡᠢ᠂ ᠪᠤᠯᠵᠤ ᠪᠠᠶ᠋ᠢᠨ᠎ᠠ ᠊ᠤᠤ ?
ᠨᠢᠬᠡᠳᠦᠭᠡᠷ
ᠲᠣᠷᠤᠢ: ᠬᠥᠥᠭ᠌ ᠂ ᠮᠢᠨᠤ ᠲᠡᠭᠥᠥ ᠴᠤ᠌ ᠮᠦᠨ ᠳ᠋ᠡ ᠂ ᠲᠡᠬᠡᠵᠣ ᠰᠢᠢᠳᠦᠶ᠎ᠡ ᠃
ᠭᠤᠷᠪᠠᠲᠤᠭᠠᠷ
ᠲᠣᠷᠤᠢ: ᠪᠠᠶ᠋ᠢᠵᠠ᠂ ᠪᠠᠶ᠋ᠢᠵᠠ᠂ ᠪᠢ ᠥᠭᠡ ᠪᠠᠨ ᠲᠠᠭᠤᠰᠤᠭ᠎ᠠ ᠥᠭᠡᠢ ᠪᠠᠶ᠋ᠢᠨ᠎ᠠ ᠂ ᠭᠤᠷᠪᠠᠭᠤᠯᠠ
ᠪᠠᠶ᠋ᠢᠰᠢᠩ ᠶ᠋ᠢᠠᠨ ᠤᠶ᠋ᠢᠷᠠᠯᠴᠠᠭᠠ ᠪᠠᠷᠢᠵᠤ ᠲᠡᠭᠡᠭᠡᠳ ᠬᠦᠨᠲᠤ ᠶᠠᠪᠤᠲᠠᠯ ᠲᠣᠬᠢᠶᠠᠯᠳᠣᠪᠡᠯ ᠨᠢᠬᠡ
ᠨᠢᠭᠡᠨ ᠳᠤ ᠪᠠᠨ ᠲᠤᠰᠠᠯᠠᠵᠣ ᠪᠠᠶ᠋ᠢᠶ᠎ᠠ !
ᠬᠤᠶᠠᠲᠤᠭᠠᠷ
ᠲᠤᠷᠤᠢ: ᠲᠡᠶ᠋ᠢᠮᠤ ᠡ ᠂ ᠵᠦᠪ ᠰᠢᠥ ᠠᠬᠠ᠋ ᠠ᠋ ᠃
ᠨᠢᠬᠡᠳᠦᠭᠡᠷ
ᠲᠣᠷᠤᠢ: ᠵᠠ ᠵᠠ ᠂ ᠂ ᠰᠠᠨᠠᠯ ᠨᠢᠬᠡ
ᠲᠠᠢ ᠪᠠᠶ᠋ᠢᠭ᠎ᠠ ᠴᠤ᠌ ᠨᠠᠲᠠ ᠬᠦᠨᠲᠤ ᠶᠠᠪᠤᠲᠠᠯ ᠲᠣᠬᠢᠶᠠᠯᠳᠣᠬᠣ ᠦᠭᠡᠢ ᠴᠤ᠌ ᠪᠣᠯᠪᠠ ᠊ᠤᠤ ᠳ᠋ᠠ ᠃
ᠮᠠᠷᠭᠠᠰᠢ
ᠦᠷᠯᠦᠬᠡ ᠨᠢ ᠪᠠᠶ᠋ᠢᠰᠢᠩ ᠶ᠋ᠢᠠᠨ ᠪᠠᠷᠢᠬᠤ ᠭᠠᠵᠠᠷ ᠶ᠋ᠢᠠᠨ ᠰᠶ᠋ᠢᠳᠥᠭᠡᠳ ᠪᠠᠶ᠋ᠢᠰᠢᠩ ᠪᠠᠷᠢᠬᠤ
ᠮᠠᠲ᠋ᠸᠷᠢᠶᠠᠯ ᠴᠣᠬᠯᠠᠭᠤᠯᠬᠣ ᠪᠠᠷ ᠶᠠᠪᠣᠯᠠ᠋ ᠃
ᠨᠢᠬᠡᠳᠦᠭᠡᠷ
ᠲᠣᠷᠤᠢ: ᠪᠠᠶ᠋ᠢᠰᠢᠩ ᠊ᠢ ᠰᠦᠷᠡᠯ ᠶ᠋ᠢᠠᠷ ᠪᠠᠷᠢᠬᠤ ᠨᠢ ᠮᠦᠩᠭᠦᠨ ᠳᠤ ᠬᠡᠮᠨᠡᠯ ᠲᠠᠢ ᠂ ᠪᠠᠰᠠ ᠪᠠᠷᠢᠬᠤ ᠳᠤ
ᠬᠠᠮᠢᠶ᠎ᠠ ᠥᠭᠡᠢ ᠬᠢᠯᠪᠡᠷ ᠂ ᠦᠯᠡᠳᠡᠭ᠊ᠰᠡᠨ ᠮᠦᠩᠭᠥ ᠪᠠᠷ ᠶ᠋ᠢᠠᠨ ᠲᠠᠪᠠ ᠲᠣᠬᠠᠲᠠᠢ ᠣᠷᠤ ᠬᠤᠳᠠᠯᠳᠤᠵᠤ
ᠠᠪᠴᠣ ᠪᠣᠯᠤᠨ᠎ᠠ ᠃
ᠲᠡᠭᠡᠭᠡᠳ
ᠲᠡᠷᠡ ᠲᠠᠷᠢᠶᠠᠴᠢᠨ ᠲᠡᠭᠡᠷ᠎ᠡ ᠣᠴᠢᠯᠠ᠋ ᠃
ᠨᠢᠬᠡᠳᠦᠭᠡᠷ
ᠲᠣᠷᠤᠢ: ᠲᠠᠷᠢᠶᠠᠴᠢᠨ ᠡ ᠂ ᠲᠠᠷᠢᠶᠠᠴᠢᠨ ᠡ ᠂ ᠡᠨᠡ ᠰᠦᠷᠡᠯ ᠊ᠢ ᠬᠣᠳᠠᠯᠳᠣᠵᠤ ᠠᠪᠴᠣ ᠰᠢᠨ᠎ᠠ ᠪᠠᠶ᠋ᠢᠰᠢᠩ
ᠪᠠᠷᠢᠮᠠᠷ ᠪᠠᠶ᠋ᠢᠨ᠎ᠠ ᠃
ᠲᠠᠷᠢᠶᠠᠴᠢᠨ:
ᠵᠠ ᠵᠠ ᠂ ᠲᠡᠬᠡ ᠳ᠋ᠠ ᠠᠪᠴᠣ ᠪᠣᠯᠤᠨ᠎ᠠ ᠃
ᠲᠠᠷᠢᠶᠠᠴᠢᠨ
ᠨᠢᠬᠡᠳᠦᠭᠡᠷ ᠲᠣᠷᠤᠢ ᠳᠤ ᠰᠦᠷᠡᠯ ᠶ᠋ᠢᠠᠨ ᠬᠣᠳᠠᠯᠳᠤᠯᠠ᠋ ᠂ ᠨᠢᠬᠡᠳᠦᠭᠡᠷ ᠲᠣᠷᠤᠢ ᠪᠠᠶ᠋ᠢᠰᠢᠩ ᠶ᠋ᠢᠠᠨ
ᠪᠠᠷᠢᠬᠤ ᠪᠠᠷ ᠪᠠᠶᠠᠷᠯᠠᠵᠣ ᠶᠠᠪᠤᠪᠠ ᠃
ᠤᠳᠠᠭᠠᠬᠢ
ᠲᠣᠷᠤᠢ ᠵᠠᠮ ᠳᠤ ᠪᠠᠨ ᠮᠤᠳᠣᠴᠢᠨ ᠲᠠᠢ ᠲᠠᠭᠠᠷᠠᠪᠠ ᠃
ᠬᠤᠶᠠᠲᠤᠭᠠᠷ
ᠲᠤᠷᠤᠢ: ᠮᠦᠴᠢᠷ ᠶ᠋ᠢᠠᠷ ᠪᠠᠶ᠋ᠢᠰᠢᠩ ᠪᠠᠷᠢᠪᠡᠯ ᠭᠤᠶᠤ ᠳ᠋ᠠ᠂ ᠪᠠᠰᠠ ᠮᠦᠩᠭᠦᠨ ᠳᠤ ᠬᠡᠮᠨᠡᠯ ᠲᠠᠢ ᠂
ᠥᠯᠡᠳᠡᠭᠰᠡᠨ ᠮᠦᠩᠭᠥ ᠪᠠᠷ ᠶ᠋ᠢᠠᠨ ᠪᠢ ᠵᠦᠭᠡᠯᠡᠨ ᠭᠣᠳᠣᠰᠣ ᠠᠪᠴᠣ ᠪᠣᠯᠤᠨ᠎ᠠ ᠰᠢᠥ ᠃
ᠢᠩᠬᠢᠭᠡᠳ
ᠲᠡᠷᠡ ᠮᠤᠳᠣᠴᠢᠨ ᠡᠴᠡ ᠮᠦᠴᠢᠷ ᠠᠪᠣᠭᠠᠳ ᠮᠦᠷᠦᠭᠡᠳᠦᠯ ᠊ᠤᠨ ᠪᠠᠶ᠋ᠢᠰᠢᠩ ᠶ᠋ᠢᠠᠨ ᠪᠠᠷᠢᠬᠤ ᠪᠠᠷ ᠶᠠᠪᠣᠯᠠ᠋
᠃
ᠬᠡᠪᠡᠴᠣ
ᠨᠦᠭᠦᠬᠡ ᠬᠤᠶᠠᠷ ᠡᠴᠡ ᠪᠠᠨ ᠣᠬᠠᠭᠠᠯᠢ᠊ᠭ ᠭᠤᠷᠪᠠᠲᠤᠭᠠᠷ ᠲᠤᠷᠤᠢ ᠲᠣᠭᠤᠰᠬᠠ᠋ ᠪᠠᠷ
ᠣᠳᠠᠭᠠᠨ ᠲᠡᠰᠬᠦ ᠪᠠᠳᠣ ᠪᠡᠬᠢ ᠪᠠᠶ᠋ᠢᠰᠢᠩ ᠪᠠᠷᠢᠬᠤ ᠶ᠋ᠢ ᠬᠦᠰᠡᠵᠦ ᠭᠡᠨ᠎ᠠ ᠃
ᠭᠤᠷᠪᠠᠲᠤᠭᠠᠷ ᠲᠣᠷᠤᠢ: ᠵᠦᠭᠡᠯᠡᠨ
ᠭᠣᠳᠣᠰᠣ ᠲᠡᠭᠡᠷ᠎ᠡ ᠤᠨᠳᠠᠬᠤ ᠰᠠᠶ᠋ᠢᠬᠠᠨ ᠯᠡ ᠳ᠋ᠠ ᠂ ᠪᠢ ᠢᠷᠡᠬᠡᠳᠥᠢ ᠪᠠᠨ ᠪᠣᠳᠣᠭᠠᠳ ᠣᠳᠠᠭᠠᠨ ᠡᠲᠯᠡᠭᠡ
ᠲᠠᠢ ᠪᠠᠶ᠋ᠢᠰᠢᠩ ᠪᠠᠷᠢᠬᠤ ᠶ᠋ᠢ ᠬᠦᠰᠡᠵᠦ ᠪᠠᠶ᠋ᠢᠨ᠎ᠠ ᠃
ᠲᠡᠭᠡᠭᠡᠳ
ᠲᠡᠷᠡ ᠮᠤᠬᠤᠯᠠᠭ ᠲᠦ ᠣᠴᠢᠵᠤ ᠲᠣᠭᠤᠰᠬᠠ᠋ ᠼᠸᠮᠸᠨ᠊ᠲ ᠬᠣᠳᠠᠯᠳᠣᠵᠤ ᠠᠪᠣᠪᠠ ᠃
ᠣᠷᠤᠢ
ᠪᠣᠯᠬᠣ ᠳᠤ ᠲᠡᠲᠡ ᠪᠠᠷᠢᠯᠭ᠎ᠠ ᠶ᠋ᠢᠨ ᠲᠠᠯᠠᠪᠠᠢ ᠳᠤ ᠪᠠᠨ ᠴᠣᠬᠯᠠᠷᠠᠵᠣ ᠪᠠᠶ᠋ᠢᠰᠢᠩ ᠶ᠋ᠢᠠᠨ ᠪᠠᠷᠢᠵᠤ ᠡᠬᠢᠯᠡᠵᠡᠭᠡᠯᠡ ᠃
ᠨᠢᠬᠡᠳᠦᠭᠡᠷ
ᠲᠣᠷᠤᠢ ᠥᠷᠯᠤᠭᠡ ᠬᠡᠬᠦ ᠪᠠᠷ ᠪᠠᠶ᠋ᠢᠰᠢᠩ ᠶ᠋ᠢᠠᠨ ᠪᠠᠷᠢᠵᠤ ᠲᠠᠭᠣᠰᠣᠯᠠ᠋ ᠃
ᠨᠢᠬᠡᠳᠦᠭᠡᠷ
ᠲᠣᠷᠤᠢ: ᠪᠢ ᠴᠤ᠌ ᠮᠤᠨᠲᠠᠭ ᠣᠷᠡᠨ ᠪᠠᠷᠢᠯᠭᠠᠴᠢᠨ ᠰᠢᠥ ᠂ ᠪᠠᠶ᠋ᠢᠰᠢᠩ ᠶ᠋ᠢᠠᠨ ᠨᠦᠭᠦᠬᠡ ᠬᠤᠶᠠᠷ ᠡᠴᠡ ᠪᠠᠨ ᠬᠠᠮᠢᠶ᠎ᠠ
ᠥᠭᠡᠢ ᠬᠣᠷᠳᠤᠨ ᠪᠠᠷᠢᠯᠠ᠋ ᠃ ᠣᠲᠤ ᠪᠠᠶ᠋ᠢᠰᠢᠩ ᠳᠤ ᠪᠠᠨ ᠴᠠᠢ ᠤᠤᠭᠤᠵᠤ ᠠᠮᠠᠷᠠᠨ᠎ᠠ ᠃
ᠬᠤᠶᠠᠲᠤᠭᠠᠷ
ᠲᠤᠷᠤᠢ: ᠶᠠᠭᠠᠬᠢᠵᠥ ᠡᠶ᠋ᠢᠮᠥ ᠬᠣᠷᠳᠤᠨ ᠪᠠᠶ᠋ᠢᠰᠢᠩ ᠶ᠋ᠢᠠᠨ ᠪᠠᠷᠢᠴᠢᠬᠠᠪᠠ ? ᠵᠠ ᠶᠠᠭᠠᠬᠢᠬᠤᠪ ᠂
ᠣᠷᠤᠢ ᠭᠡᠬᠦ ᠳᠤ ᠪᠢ ᠴᠤ᠌ ᠪᠠᠰᠠ ᠪᠠᠶ᠋ᠢᠰᠢᠩ ᠶ᠋ᠢᠠᠨ ᠪᠠᠷᠢᠵᠤ ᠲᠠᠭᠤᠰᠬᠠᠨ᠎ᠠ
ᠢᠩᠬᠢᠭᠡᠳ
ᠲᠡᠷᠡ ᠣᠯᠠᠮ ᠪᠥᠷ ᠬᠢᠴᠢᠶᠡᠵᠦ ᠣᠷᠤᠢ
ᠭᠡᠬᠦ ᠳᠤ ᠮᠥᠴᠢᠷ ᠦᠨ
ᠪᠠᠶ᠋ᠢᠰᠢᠩ ᠶ᠋ᠢᠠᠨ ᠪᠠᠷᠢᠵᠤ ᠲᠠᠭᠣᠰᠣᠯᠠ᠋ ᠃
ᠬᠤᠶᠠᠲᠤᠭᠠᠷ
ᠲᠤᠷᠤᠢ: ᠪᠢ ᠪᠠᠶ᠋ᠢᠰᠢᠩ ᠶ᠋ᠢᠠᠨ ᠮᠦᠴᠢᠷ ᠶ᠋ᠢᠠᠷ ᠪᠠᠷᠢᠬᠰᠠᠨ ᠶᠤᠮ ᠴᠢᠨᠢ ᠰᠦᠷᠡᠯ ᠊ᠤᠨ ᠪᠠᠶ᠋ᠢᠰᠢᠩ ᠡᠴᠡ
ᠬᠠᠮᠢᠶ᠎ᠠ ᠥᠭᠡᠢ ᠪᠠᠳᠣ ᠪᠡᠬᠢ ᠪᠠᠶ᠋ᠢᠬᠤ ᠶᠤᠰᠤᠳᠠᠢ ᠂ ᠪᠢ ᠣᠲᠤ ᠰᠦᠷᠡᠯ ᠊ᠤᠨ ᠪᠠᠶ᠋ᠢᠰᠢᠩ ᠳᠤ ᠪᠠᠨ
ᠰᠡᠳᠬᠢᠯ ᠠᠮᠤᠷ ᠲᠤᠬᠬᠢᠵᠤ ᠪᠤᠯᠤᠨ᠎ᠠ ᠃
ᠬᠤᠶᠠᠷ
ᠠᠬᠠ᠋ ᠨᠢ ᠪᠠᠶ᠋ᠢᠰᠢᠩ ᠶ᠋ᠢᠠᠨ ᠪᠣᠭᠤᠨᠢ ᠬᠣᠭᠣᠴᠠᠭᠠᠨ ᠳᠤ ᠪᠠᠷᠢᠬᠰᠠᠨ ᠴᠤ᠌ ᠭᠤᠷᠪᠠᠲᠤᠭᠠᠷ ᠲᠣᠷᠤᠢ ᠤᠬᠳᠣ
ᠰᠠᠨᠠᠭ᠎ᠠ ᠵᠣᠪᠠᠬᠰᠠᠨ ᠥᠭᠡᠢ ᠲᠡᠷᠡ ᠪᠠᠶ᠋ᠢᠰᠢᠩ ᠤᠨ ᠶ᠋ᠢᠠᠨ ᠰᠠᠭᠣᠷᠢ ᠶ᠋ᠢ ᠪᠠᠷᠢᠬᠰᠠᠭᠠᠷ ᠯᠡ ᠪᠠᠶ᠋ᠢᠪᠠ᠃
ᠦᠷᠯᠦᠬᠡ
ᠬᠤᠶᠠᠷ ᠠᠬᠠ᠋ ᠨᠢ ᠪᠠᠶ᠋ᠢᠰᠢᠩ ᠡᠴᠡ ᠪᠠᠨ ᠭᠠᠷᠴᠤ ᠢᠷᠡᠭᠡᠳ ᠲᠡᠭᠥᠥ ᠪᠠᠨ ᠲᠣᠭᠣᠬᠢᠯᠠᠵᠠᠢ ᠃
ᠨᠢᠬᠡᠳᠦᠭᠡᠷ ᠲᠣᠷᠤᠢ: ᠶᠠᠭᠠᠬᠢᠬᠰᠠᠨ ᠪᠣᠢ ? ᠲᠡᠭᠥᠥ ᠮᠢᠨᠢ ᠪᠠᠶ᠋ᠢᠰᠢᠩ ᠪᠠᠷᠢᠬᠤ ᠳᠤ ᠪᠡᠷᠬᠡᠰᠢᠶᠡᠯ ᠭᠠᠷᠤᠭ᠎ᠠ ᠊ᠤᠤ ?
ᠬᠤᠶᠠᠳᠤᠭᠠᠷ ᠲᠣᠷᠤᠢ: ᠡᠮᠤᠨ᠎ᠠ ᠨᠢ ᠨᠠᠲᠠ ᠲᠠᠢ ᠵᠦᠪᠯᠡᠯᠲᠤᠬᠦ ᠦᠭᠡᠢ ᠪᠢᠵᠡ ᠳ᠋ᠡ ᠂
ᠭᠤᠷᠪᠠᠲᠤᠭᠠᠷ ᠲᠣᠷᠤᠢ: ᠪᠢ ᠬᠠᠮᠤᠭ ᠊ᠤᠨ ᠪᠠᠳᠣ ᠪᠡᠬᠢ ᠪᠠᠶ᠋ᠢᠰᠢᠩ ᠪᠠᠷᠢᠵᠤ ᠪᠠᠶ᠋ᠢᠨ᠎ᠠ᠂ ᠣᠯᠠᠨ ᠵᠢᠯ ᠊ᠤᠨ ᠲᠤᠷᠰᠢ ᠶᠠᠮᠠᠷ ᠴᠤ᠌ ᠴᠠᠭ ᠠᠭᠠᠷ᠂ ᠶᠠᠮᠠᠷ ᠴᠤ᠌ ᠭᠠᠮᠰᠢᠭ ᠪᠤᠯᠤᠬᠰᠠᠨ ᠴᠤ᠌ ᠪᠠᠳᠣ ᠪᠡᠬᠢ ᠬᠡᠪ ᠶ᠋ᠢᠠᠷ ᠪᠠᠶ᠋ᠢᠬᠤ ᠪᠤᠯᠤᠨ᠎ᠠ ᠃
ᠨᠢᠬᠡᠳᠦᠭᠡᠷ ᠲᠣᠷᠤᠢ : ᠪᠢᠳᠡᠨ ᠊ᠢ ᠬᠡᠪᠡᠷᠡᠭ᠌ ᠪᠠᠶ᠋ᠢᠰᠢᠩ ᠪᠠᠷᠢᠯᠠ᠋ ᠬᠡᠬᠦ ᠭᠡ ᠊ᠤᠤ ᠴᠢ ᠂ ᠴᠢᠨᠣ ᠬᠠᠮᠤᠭ ᠊ᠤᠨ ᠪᠠᠳᠣ ᠪᠡᠬᠢ ᠨᠢ ᠶᠤᠮ ᠊ᠤᠤ ?
ᠭᠤᠷᠪᠠᠲᠤᠭᠠᠷ ᠲᠣᠷᠤᠢ: ᠠᠬᠠ᠋ ᠨᠠᠷ ᠊ᠤᠨ ᠶ᠋ᠢᠠᠨ ᠥᠭᠡ ᠶ᠋ᠢ ᠥᠯᠥ ᠲᠤᠭᠤᠵᠤ ᠂ ᠠᠵᠢᠯ ᠳᠤ ᠪᠠᠨ ᠠᠩᠬᠠᠷᠴᠣ ᠪᠠᠶ᠋ᠢᠯᠠ᠋ ᠃
ᠲᠣᠭᠤᠰᠬᠠ᠋ ᠲᠣᠭᠤᠰᠬᠠ᠋ ᠪᠠᠷ ᠨᠢ ᠵᠥᠭᠡᠬᠡᠭ᠊ᠰᠡᠭᠡᠷ ᠂ ᠲᠡᠷᠡ ᠂ ᠲᠣᠯᠤᠭᠠᠨ ᠬᠤᠨᠤᠭ ᠊ᠤᠨ ᠲᠣᠳᠣᠷᠠ᠋ ᠪᠠᠶ᠋ᠢᠰᠢᠩ ᠶ᠋ᠢᠠᠨ ᠪᠠᠷᠢᠵᠤ ᠲᠠᠭᠣᠰᠣᠯᠠ᠋ ᠃
ᠬᠡᠳᠣᠨ ᠡᠳᠣᠷ ᠦᠩᠭᠡᠷᠡᠬᠦ ᠳᠤ ᠲᠡᠲᠡ ᠰᠢᠨ᠎ᠠ ᠪᠠᠶ᠋ᠢᠰᠢᠩ ᠊ᠤᠳ ᠲᠤ ᠪᠠᠨ ᠠᠵᠠ ᠵᠢᠷᠭᠠᠯ ᠲᠠᠢ ᠠᠮᠢᠳᠣᠷᠠᠵᠤ ᠪᠠᠶ᠋ᠢᠪᠠ ᠃
ᠬᠡᠪᠡᠴᠣ ᠣᠳᠠᠬᠣ ᠦᠭᠡᠢ ᠴᠢᠨᠣ᠎ᠠ ᠭᠣᠷᠪᠠᠨ ᠲᠣᠷᠤᠢ ᠶ᠋ᠢ ᠬᠠᠷᠠᠭᠠᠳ ᠢᠳᠡᠬᠥ ᠶ᠋ᠢ ᠰᠢᠢᠳᠴᠡᠢ ᠃
ᠴᠢᠨᠣ᠎ᠠ ᠨᠢᠬᠡᠳᠦᠭᠡᠷ ᠲᠣᠷᠤᠢ ᠶ᠋ᠢᠨ ᠬᠡᠷ ᠲᠦ ᠢᠷᠡᠵᠥ ᠲᠤᠬᠰᠢᠯᠠ᠋ ᠃
ᠴᠢᠨᠣ᠎ᠠ : ᠲᠣᠷᠤᠢ ᠮᠢᠨᠢ ᠂ ᠲᠤᠷᠤᠢ ᠮᠢᠨᠢ ᠂ ᠨᠠᠮᠠ᠋ ᠣᠷᠣᠭᠣᠯᠣᠭᠠᠴᠢ ᠂ ᠂
ᠲᠤᠷᠤᠢ : ᠥᠭᠡᠢ ᠥᠭᠡᠢ᠂ ᠶᠤᠰᠤᠳᠠᠢ ᠰᠠᠨᠠᠭᠠᠨ ᠊ᠤ ᠴᠢᠨᠢ ᠭᠠᠷᠦᠵᠠ ᠪᠠᠶ᠋ᠢᠯᠭᠦᠢ ᠳ᠋ᠡ ᠂
ᠴᠢᠨᠣ᠎ᠠ : ᠲᠡᠭᠡᠪᠡᠯ ᠪᠢ ᠠᠭᠠᠬᠢᠯᠠᠨ ᠤᠭᠤᠬᠢᠯᠠᠨ ᠪᠠᠶ᠋ᠢᠰᠢᠩ ᠊ᠢ ᠴᠢᠨᠢ ᠬᠡᠶ᠋ᠢᠰᠳᠡᠯᠡ᠋ ᠥᠯᠢᠶᠡᠨᠠ ᠳ᠋ᠡ
ᠲᠣᠷᠤᠢ : ᠮᠢᠨᠤ ᠪᠠᠶ᠋ᠢᠰᠢᠩ ᠬᠠᠮᠤᠭ ᠊ᠤᠨ ᠪᠠᠳᠣ ᠪᠡᠬᠢ ᠂ ᠴᠢ ᠬᠦᠰᠡᠭ᠊ᠰᠡᠨ ᠶ᠋ᠢᠠᠨ ᠯᠡ ᠬᠢ ᠂
ᠴᠢᠨᠣ᠎ᠠ ᠴᠡᠭᠡᠵᠢ ᠲᠦᠭᠦᠷᠡᠩ ᠠᠭᠠᠷ ᠠᠮᠢᠰᠬᠤᠭᠤᠯᠤᠭᠠᠳ ᠲᠣᠷᠤᠢ ᠶ᠋ᠢᠨ ᠪᠠᠶ᠋ᠢᠰᠢᠩ ᠊ᠢ ᠦᠯᠢᠶᠡᠯᠡ᠋ ᠂ ᠪᠦᠭᠦᠲᠡ ᠬᠡᠶ᠋ᠢᠰᠴᠣ ᠤᠷᠬᠢᠪᠠ ᠃ ᠬᠦᠴᠦᠳᠠᠢ ᠥᠯᠢᠶᠡᠬᠦ ᠳᠤ ᠨᠢ ᠲᠣᠷᠤᠢ ᠬᠦᠷᠳᠡᠯᠡ᠋ ᠬᠡᠶ᠋ᠢᠰᠴᠣ ᠬᠤᠶᠠᠲᠤᠭᠠᠷ ᠲᠤᠷᠤᠢ ᠶ᠋ᠢᠨ ᠪᠠᠶ᠋ᠢᠰᠢᠩ ᠳᠤ ᠢᠷᠡᠯᠡ᠋ ᠃
ᠬᠤᠶᠠᠲᠤᠭᠠᠷ ᠲᠤᠷᠤᠢ: ᠶᠠᠭᠤ ᠪᠣᠯᠣᠬᠰᠠᠨ ᠪᠣᠢ ᠂ ᠶᠠᠭᠠᠬᠢᠭᠠᠳ ᠮᠢᠨᠤ ᠪᠠᠶ᠋ᠢᠰᠢᠩ ᠳᠤ ᠥᠩᠬᠥᠷᠢᠭᠡᠳ ᠤᠷᠤᠭᠠᠳ ᠢᠷᠡᠪᠡ ?
ᠨᠢᠬᠡᠳᠦᠭᠡᠷ ᠲᠣᠷᠤᠢ ᠰᠢᠷᠡᠭᠡᠨ ᠲᠤᠤᠷᠠ᠋ ᠨᠢᠭᠣᠬᠳᠠᠵᠣ ᠪᠠᠶ᠋ᠢᠭᠠᠳ ᠬᠠᠰᠬᠢᠷᠤᠯᠠ᠋ ᠃
— ᠬᠠᠭᠠᠯᠭ᠎ᠠ ᠪᠠᠨ ᠬᠠᠭ᠎ᠠ ᠂ ᠬᠠᠭᠠᠯᠭ᠎ᠠ ᠪᠠᠨ ᠬᠠᠭ᠎ᠠ ᠂ ᠥᠯᠤᠨ ᠴᠢᠨᠣ᠎ᠠ ᠨᠠᠮᠠ᠋ ᠶᠢ ᠢᠲᠡᠬᠦ ᠰᠢᠬᠠᠯᠠ᠋ ᠂ ᠪᠢᠳᠡᠨ ᠊ᠢ ᠢᠲᠡᠬᠦ ᠪᠠᠷ ᠨᠠᠰᠢ ᠪᠠᠨ ᠢᠷᠡᠭᠦ ᠴᠤ᠌ ᠮᠠᠭᠠᠳ ᠥᠭᠡᠢ ᠂
ᠬᠤᠶᠠᠲᠤᠭᠠᠷ ᠲᠤᠷᠤᠢ ᠬᠠᠭᠠᠯᠭ᠎ᠠ ᠣᠷᠣᠭᠣ ᠬᠥᠶᠥᠵᠥ ᠮᠠᠰᠢ ᠰᠠᠶ᠋ᠢᠨ ᠬᠠᠭᠠᠯᠠ᠋ ᠂ ᠪᠦᠭᠦ ᠴᠤᠤᠵᠢ ᠪᠠᠷ ᠨᠢ ᠴᠤᠤᠵᠢᠯᠠᠵᠠᠢ ᠃
ᠴᠢᠨᠣ᠎ᠠ ᠢᠷᠡᠭᠡᠳ ᠬᠠᠭᠠᠯᠭ᠎ᠠ ᠨᠦᠳᠦᠵᠦ ᠡᠬᠢᠯᠡᠯᠡ᠋᠃
ᠴᠢᠨᠣ᠎ᠠ: ᠲᠤᠷᠤᠢ ᠮᠢᠨᠢ᠂ ᠲᠤᠷᠤᠢ ᠮᠢᠨᠢ᠂ ᠨᠠᠮᠠ᠋ ᠶᠢ ᠣᠷᠣᠭᠣᠯᠣᠭᠠᠴᠢ ᠂
ᠬᠤᠶᠠᠲᠤᠭᠠᠷ ᠲᠤᠷᠤᠢ: ᠥᠭᠡᠢ ᠰᠢᠥ᠂ ᠥᠭᠡᠢ ᠥᠭᠡᠢ᠂ ᠰᠠᠨᠠᠭᠠᠨ ᠊ᠤ ᠴᠢᠨᠢ ᠭᠠᠷᠦᠵᠠ ᠂ ᠶᠠᠭᠠᠬᠢᠬᠰᠠᠨ ᠴᠤ᠌ ᠤᠷᠤᠭᠤᠯᠬᠣ ᠥᠭᠡᠢ ᠰᠢᠥ ᠳ᠋ᠡ᠃
ᠴᠢᠨᠣ᠎ᠠ: ᠲᠡᠭᠡᠪᠡᠯ ᠪᠢ ᠠᠭᠠᠬᠢᠯᠠᠨ ᠤᠭᠤᠬᠢᠯᠠᠨ ᠪᠠᠶ᠋ᠢᠰᠢᠩ ᠊ᠢ ᠴᠢᠨᠢ ᠬᠡᠶ᠋ᠢᠰᠳᠡᠯᠡ᠋ ᠥᠯᠢᠶᠡᠨᠠ ᠳ᠋ᠡ ᠃
ᠬᠤᠶᠠᠲᠤᠭᠠᠷ ᠲᠤᠷᠤᠢ : ᠮᠢᠨᠤ ᠪᠠᠶ᠋ᠢᠰᠢᠩ ᠬᠠᠮᠤᠭ ᠊ᠤᠨ ᠪᠠᠳᠣ ᠪᠡᠬᠢ ᠂ ᠥᠵᠡᠭᠡᠳ ᠠᠯᠳᠠᠯ ᠳ᠋ᠠ ᠂ ᠲᠥᠷᠰᠥ ᠥᠭᠡᠢ ᠴᠢᠨᠣ᠎ᠠ ᠃
ᠴᠢᠨᠣ᠎ᠠ ᠴᠡᠭᠡᠵᠢ ᠲᠦᠭᠦᠷᠡᠩ ᠠᠮᠢᠰᠬᠤᠭ᠎ᠠ ᠠᠪᠣᠭᠠᠳ ᠲᠤᠷᠤᠢ ᠶ᠋ᠢᠨ ᠪᠠᠶ᠋ᠢᠰᠢᠩ ᠊ᠢ ᠥᠯᠢᠶᠡᠪᠡ ᠂ ᠪᠦᠭᠦ ᠶᠠᠭᠣᠮᠠ᠋ ᠬᠡᠶ᠋ᠢᠰᠴᠣ ᠤᠳᠪᠠ ᠃
ᠲᠤᠷᠤᠢ ᠨᠠᠷ ᠪᠠᠶ᠋ᠢᠰᠢᠩ ᠊ᠤᠨ ᠲᠡᠭᠡᠪᠤᠷ ᠪᠠᠶ᠋ᠢᠬᠤ ᠥᠭᠡᠢ ᠪᠤᠯᠤᠬᠰᠠᠨ ᠊ᠢ ᠠᠩᠵᠠᠭᠠᠷᠠᠯ᠎ᠠ ᠃ ᠬᠠᠨ᠎ᠠ ᠦᠳ ᠨᠢ ᠪᠠᠶ᠋ᠢᠬᠰᠠᠨ ᠥᠭᠡᠢ᠃ ᠬᠤᠶᠠᠭᠤᠯᠠ ᠠᠮᠢ ᠪᠠᠨ ᠠᠪᠤᠷᠠᠬᠤ ᠪᠠᠷ ᠵᠢᠭᠣᠳᠠᠵᠣ ᠭᠤᠷᠪᠠᠲᠤᠭᠠᠷ ᠲᠣᠷᠤᠢ ᠶ᠋ᠢᠨ ᠪᠠᠶ᠋ᠢᠰᠢᠩ ᠳᠤ ᠤᠷᠤᠵᠤ ᠢᠷᠡᠯᠡ᠋ ᠃
ᠭᠤᠷᠪᠠᠲᠤᠭᠠᠷ ᠲᠣᠷᠤᠢ: ᠲᠠ ᠬᠤᠶᠠᠷ ᠶᠠᠭᠠᠬᠢᠭ᠎ᠠ ᠪᠤᠢ ? ᠶᠠᠭᠤᠨ ᠡᠴᠡ ᠢᠩᠭᠢᠲᠡᠯ᠎ᠡ ᠠᠶᠤᠭ᠎ᠠ ᠪᠣᠢ ?
ᠨᠢᠬᠡᠳᠦᠭᠡᠷ ᠲᠣᠷᠤᠢ: ᠮᠠᠭᠤ ᠴᠢᠨᠣ᠎ᠠ ᠪᠢᠳᠡᠨ ᠊ᠤ ᠪᠠᠶ᠋ᠢᠰᠢᠩ ᠊ᠤᠳ ᠊ᠢ ᠥᠯᠢᠶᠡᠭᠡᠳ ᠬᠡᠶ᠋ᠢᠰᠬᠡᠴᠢᠬᠡᠯᠡ᠋ ᠂ ᠲᠡᠷᠡ ᠨᠠᠭᠠᠰᠢ ᠪᠠᠨ ᠢᠷᠡᠵᠥ ᠴᠢᠨᠣ ᠪᠠᠶ᠋ᠢᠰᠢᠩ ᠊ᠢ ᠪᠠᠰᠠ ᠥᠯᠢᠶᠡᠵᠥ ᠬᠡᠶ᠋ᠢᠰᠬᠡᠵᠥ ᠮᠠᠭᠠᠳ ᠥᠭᠡᠢ ᠃
ᠬᠤᠶᠠᠲᠤᠭᠠᠷ ᠲᠤᠷᠤᠢ: ᠡᠵᠢ ᠤᠷᠤᠭᠣ ᠪᠠᠨ ᠪᠤᠴᠠᠵᠤ ᠵᠢᠭᠣᠳᠠᠵᠠᠭᠠᠶᠠ ᠯᠡ ᠳ᠋ᠠ !
ᠭᠤᠷᠪᠠᠲᠤᠭᠠᠷ ᠲᠣᠷᠤᠢ : ᠲᠡᠷᠡ ᠮᠢᠨᠤ ᠪᠠᠶ᠋ᠢᠰᠢᠩ ᠊ᠤᠨ ᠭᠠᠬᠴᠠ ᠲᠣᠭᠤᠰᠬᠠ᠋ ᠶ᠋ᠢ ᠴᠤ᠌ ᠥᠯᠢᠶᠡᠵᠥ ᠴᠢᠲᠠᠬᠤ ᠥᠭᠡᠢ ᠂ ᠲᠡᠭᠦᠨ ᠳᠤ ᠰᠤᠷᠭᠠᠭᠠᠳ ᠥᠭᠭᠥᠶᠡ᠋ ᠳ᠋ᠡ ᠂ ᠢᠷᠡᠵᠥ ᠯᠡ ᠪᠠᠶ᠋ᠢ᠊ᠭ᠂ ᠠᠬᠠ᠋ ᠨᠠᠷ ᠠ᠋ ᠂ ᠲᠠ ᠬᠤᠶᠠᠷ ᠲᠠᠯᠪᠢᠭᠤᠷ ᠲᠡᠭᠡᠷ᠎ᠡ ᠨᠢᠭᠣᠬᠳᠠ᠂ ᠲᠡᠷᠡ ᠰᠠᠨᠠᠬᠰᠠᠨ ᠳᠤ ᠪᠠᠨ ᠬᠦᠷᠴᠥ ᠨᠠᠮᠠ᠋ ᠶᠢ ᠢᠳᠡᠯᠡ᠋ ᠴᠤ᠌ ᠪᠢᠳᠡᠬᠡᠢ ᠭᠠᠷᠴᠤ ᠢᠷᠡᠭᠡᠷᠡᠢ !
ᠬᠣᠶᠠᠷ ᠳᠣᠷᠣᠢ ᠲᠠᠯᠪᠢᠭᠤᠷ ᠤᠷᠤᠭᠣ ᠠᠪᠠᠷᠢᠵᠣ ᠭᠠᠷᠤᠯᠠ᠋ ᠃ ᠣᠳᠡᠯ ᠥᠭᠡᠢ ᠴᠢᠨᠣ᠎ᠠ ᠢᠷᠡᠵᠥ ᠨᠦᠳᠦᠵᠦ ᠪᠠᠯᠪᠠᠵᠣ ᠡᠬᠢᠯᠡᠯᠡ᠋ ᠃
ᠨᠢᠬᠡᠳᠦᠭᠡᠷ ᠲᠤᠷᠤᠢ: ᠡᠨᠲᠡ ᠡᠴᠡ ᠵᠢᠭᠤᠳᠠ ᠮᠠᠭᠤᠬᠠᠢ ᠴᠢᠨᠣ᠎ᠠ ᠂ ᠴᠢ ᠶᠠᠭᠠᠬᠢᠬᠰᠠᠨ ᠴᠤ᠌ ᠮᠢᠨᠤ ᠪᠠᠶ᠋ᠢᠰᠢᠩ ᠳᠤ ᠤᠷᠤᠵᠤ ᠴᠢᠲᠠᠬᠤ ᠥᠭᠡᠢ ᠂
ᠴᠢᠨᠣ᠎ᠠ: ᠲᠡᠭᠡᠪᠡᠯ ᠪᠢ ᠠᠭᠠᠬᠢᠯᠠᠨ ᠤᠭᠤᠬᠢᠯᠠᠨ ᠨᠠᠭᠠᠳᠤ ᠪᠠᠶ᠋ᠢᠰᠢᠩ ᠊ᠢ ᠴᠢᠨᠢ ᠬᠡᠶ᠋ᠢᠰᠳᠡᠯᠡ᠋ ᠥᠯᠢᠶᠡᠵᠥ ᠤᠷᠬᠢᠨ᠎ᠠ ᠳ᠋ᠠ ᠭᠠᠶ᠋ᠢᠭᠤᠢ ᠂ ᠪᠢ ᠠᠬᠠ᠋ ᠨᠠᠷ ᠊ᠤᠨ ᠴᠢᠨᠢ ᠪᠠᠶ᠋ᠢᠰᠢᠩ ᠊ᠢ ᠬᠡᠢᠰᠭᠡᠭᠰᠡᠨ ᠶᠤᠮ ᠰᠢᠥ ᠂
ᠭᠤᠷᠪᠠᠲᠤᠭᠠᠷ ᠲᠣᠷᠤᠢ: ᠲᠡᠭᠡᠪᠡᠯ ᠥᠵᠡᠬᠡᠳ ᠠᠯᠳᠠᠯ ᠳ᠋ᠠ᠂ ᠠᠮᠢᠰᠬᠣᠯ ᠴᠢᠨᠢ ᠪᠠᠷᠠᠬᠳᠠᠬᠰᠠᠨ ᠴᠤ᠌ ᠪᠠᠶ᠋ᠢᠰᠢᠩ ᠳᠤ ᠮᠢᠨᠢ ᠣᠷᠤᠵᠤ ᠴᠢᠲᠠᠬᠤ ᠥᠭᠡᠢ ᠂
ᠴᠢᠨᠣ᠎ᠠ ᠴᠡᠭᠡᠵᠢ ᠲᠦᠭᠦᠷᠡᠩ ᠠᠮᠢᠰᠬᠤᠭ᠎ᠠ ᠠᠪᠣᠭᠠᠳ ᠲᠤᠷᠤᠢ ᠶ᠋ᠢᠨ ᠪᠠᠶ᠋ᠢᠰᠢᠩ ᠊ᠢ ᠦᠯᠢᠶᠡᠵᠤ ᠡᠬᠢᠯᠡᠯᠡ᠋ ᠃ ᠬᠡᠪᠡᠴᠣ ᠪᠠᠶ᠋ᠢᠰᠢᠩ ᠬᠦᠳᠡᠯᠦᠭ᠊ᠰᠡᠨ ᠥᠭᠡᠢ ᠂ ᠪᠥᠷ ᠴᠤ᠌ ᠶᠡᠬᠡ ᠠᠭᠠᠷ ᠰᠤᠷᠤᠭᠠᠳ ᠲᠠᠬᠢᠨ ᠨᠢᠭᠡ ᠥᠵᠡᠯᠡ᠋ ᠭᠡᠰᠡᠨ ᠴᠤ᠌ ᠨᠢᠭᠡ ᠴᠤ᠌ ᠲᠣᠭᠤᠰᠬᠠ᠋ ᠬᠦᠳᠡᠯᠦᠭ᠊ᠰᠡᠨ ᠥᠭᠡᠢ ᠂ ᠲᠠᠬᠢᠨ ᠬᠡᠳᠣᠨ ᠣᠳᠠᠭ᠎ᠠ ᠤᠷᠤᠯᠳᠤᠵᠤ ᠥᠵᠡᠭᠡᠳ ᠠᠮᠢᠰᠬᠤᠭ᠎ᠠ ᠨᠢ ᠪᠠᠷᠠᠬᠳᠠᠵᠤ ᠭᠠᠵᠠᠷ ᠲᠦ ᠤᠨᠠᠪᠠ ᠬᠡᠨ᠎ᠠ ᠂ ᠬᠡᠪᠡᠴᠣ ᠮᠠᠭᠤᠬᠠᠢ ᠴᠢᠨᠣ᠎ᠠ ᠲᠠᠬᠢᠨ ᠪᠣᠰᠴᠣ ᠬᠠᠭᠠᠯᠭ᠎ᠠ ᠊ᠢ ᠡᠪᠳᠡᠭᠦ ᠪᠠᠷ ᠬᠠᠮᠢᠭ᠎ᠠ ᠬᠤᠯᠠ ᠡᠴᠡ ᠬᠦᠶᠦᠵᠦ ᠢᠷᠡᠯᠡ᠋ ᠃
ᠠᠬᠠ᠋ ᠨᠠᠷ ᠨᠢ ᠴᠤᠩᠬᠤ ᠪᠠᠷ ᠲᠡᠭᠦᠨ ᠊ᠢ ᠬᠠᠷᠠᠭᠠᠳ ᠪᠠᠭᠤᠵᠤ ᠢᠷᠡᠪᠡ ᠃ ᠲᠡᠲᠡ ᠪᠦᠭᠦᠲᠡ ᠬᠠᠮᠳᠣ ᠬᠠᠭᠠᠯᠭ᠎ᠠ ᠪᠠᠨ ᠲᠠᠷᠤᠵᠠᠢ ᠃
ᠴᠢᠨᠣ᠎ᠠ ᠬᠠᠷᠠ᠋ ᠬᠤᠷᠳᠣ ᠪᠠᠷ ᠶ᠋ᠢᠠᠨ ᠬᠥᠶᠥᠵᠥ ᠢᠷᠡᠭᠡᠳ ( ᠫᠠᠩ ᠁ )
ᠬᠤᠶᠠᠲᠤᠭᠠᠷ ᠲᠤᠷᠤᠢ ᠬᠠᠭᠠᠯᠭ᠎ᠠ ᠪᠠᠨ ᠰᠡᠮᠡᠭᠡᠷᠬᠡᠨ ᠨᠡᠬᠡᠬᠡᠵᠣ ᠥᠵᠡᠭᠡᠳ ᠴᠢᠨᠣ᠎ᠠ ᠭᠠᠵᠠᠷ ᠬᠡᠪᠳᠡᠵᠣ ᠪᠠᠶ᠋ᠢᠭ᠎ᠠ ᠶ᠋ᠢ ᠬᠠᠷᠠᠯᠠ᠋ ᠃ ᠲᠠᠷᠠᠭ᠎ᠠ ᠨᠢ ᠲᠡᠷᠡ ᠲᠠᠭᠢᠭᠠᠳ ᠬᠠᠭᠠᠯᠭ᠎ᠠ ᠪᠠᠨ ᠲᠦᠭ᠊ᠵᠢᠪᠡ ᠃
ᠭᠤᠷᠪᠠᠲᠤᠭᠠᠷ ᠲᠣᠷᠤᠢ : ᠴᠢᠨᠣ᠎ᠠ ᠣᠨᠠᠬᠰᠠᠨ ᠪᠠᠶ᠋ᠢᠨ᠎ᠠ ᠂ ᠲᠡᠷᠡ ᠮᠢᠨᠤ ᠪᠠᠶ᠋ᠢᠰᠢᠩ ᠊ᠢ ᠬᠡᠶ᠋ᠢᠰᠬᠡᠵᠥ ᠴᠢᠳᠠᠬᠰᠠᠨ ᠥᠭᠡᠢ ᠂
ᠨᠢᠬᠡᠳᠦᠭᠡᠷ ᠲᠣᠷᠤᠢ : ᠴᠢ ᠪᠢᠳᠡᠨ ᠊ᠢ ᠪᠠᠶ᠋ᠢᠰᠢᠩ ᠳᠤ ᠪᠠᠨ ᠤᠷᠤᠭᠤᠯᠤᠭ᠎ᠠ ᠥᠭᠡᠢ ᠶᠤᠮ ᠪᠣᠯ ᠴᠢᠨᠣ᠎ᠠ ᠶ᠋ᠢᠨ ᠬᠡᠳᠡᠰᠣᠨ ᠳᠤ ᠤᠷᠤᠬᠤ ᠪᠠᠶ᠋ᠢᠯᠠ᠋ ᠂
ᠬᠤᠶᠠᠲᠤᠭᠠᠷ ᠲᠤᠷᠤᠢ : ᠲᠡᠶ᠋ᠢᠮᠤ ᠡ ᠂ ᠲᠡᠭᠥᠥ ᠮᠢᠨᠢ ᠴᠢ ᠪᠢᠳᠡᠨ ᠊ᠤ ᠠᠮᠢ ᠶ᠋ᠢ ᠠᠪᠤᠷᠠᠯᠠ᠋ ᠂
ᠭᠣᠷᠪᠠᠳᠤᠭᠠᠷ ᠲᠤᠷᠤᠢ : ᠠᠬᠠ᠋ ᠨᠠᠷ ᠠ᠋ ᠂ ᠲᠠ ᠬᠤᠶᠠᠷ ᠪᠠᠶ᠋ᠢᠭ᠎ᠠ ᠥᠭᠡᠢ ᠶᠤᠮ ᠪᠣᠯ ᠲᠡᠷᠡ ᠨᠠᠮᠠ᠋ ᠶᠢ ᠢᠲᠡᠬᠦ ᠪᠠᠶ᠋ᠢᠬᠰᠠᠨ ᠰᠢᠥ ᠳ᠋ᠡ
ᠭᠤᠷᠪᠠᠭᠤᠯᠠ ᠬᠠᠮᠳᠣ ᠬᠠᠭᠠᠯᠭ᠎ᠠ ᠪᠠᠨ ᠲᠠᠷᠤᠵᠤ ᠲᠡᠭᠦᠨ ᠊ᠢ ᠵᠣᠬᠰᠣᠭᠠᠬᠰᠠᠨ ᠂
ᠨᠢᠬᠡᠳᠦᠭᠡᠷ ᠲᠤᠷᠤᠢ : ᠲᠡᠶ᠋ᠢᠮᠤ ᠡ ᠲᠡᠭᠥᠥ ᠮᠢᠨᠢ ᠴᠢ ᠮᠢᠨᠤ ᠪᠣᠷᠤᠭᠣ ᠶ᠋ᠢ ᠪᠠᠳᠣᠯᠠᠯᠠ᠋ ᠃ ᠡᠪ ᠨᠠᠶ᠋ᠢᠷᠠᠮᠲᠠᠯ ᠪᠢᠳᠡᠨ ᠊ᠤ ᠵᠢᠩᠬᠢᠨᠢ ᠬᠥᠴᠥ᠂ ᠣᠲᠤ ᠭᠣᠷᠪᠠᠭᠣᠯᠠ ᠬᠡᠵᠢᠶᠡᠳᠡ ᠬᠠᠭᠠᠴᠠᠵᠤ ᠰᠠᠯᠬᠣ ᠥᠭᠡᠢ ᠪᠠᠷ ᠬᠠᠮᠳᠣ ᠳᠤ ᠪᠠᠨ ᠠᠮᠢᠳᠤᠷᠠᠬᠤ ᠪᠣᠯᠣᠨ᠎ᠠ ᠃
ᠬᠡᠨᠡᠳᠳᠡ ᠴᠢᠨᠣ᠎ᠠ ᠰᠡᠷᠢᠭᠡᠳ ᠲᠠᠬᠢᠨ ᠬᠠᠭᠠᠯᠭ᠎ᠠ ᠨᠦᠳᠦᠵᠦ ᠡᠬᠢᠯᠡᠯᠡ᠋ ᠃
ᠴᠢᠨᠣ᠎ᠠ : ᠮᠠᠭᠤ ᠵᠣᠯᠢᠭ ᠊ᠤᠨ ᠲᠣᠷᠤᠢ ᠨᠣᠭᠣᠳ ᠂ ᠪᠢ ᠲᠠ ᠨᠠᠷ ᠊ᠢ ᠢᠲᠡᠬᠦ ᠳᠤ ᠪᠠᠨ ᠯᠡ ᠢᠳᠡᠨ᠎ᠠ ᠳ᠋ᠡ ᠃
ᠴᠢᠨᠣ᠎ᠠ ᠲᠡᠭᠡᠪᠤᠷ ᠤᠷᠤᠭᠣ ᠠᠪᠠᠷᠢᠵᠣ ᠶᠠᠨᠳᠤᠩ ᠶ᠋ᠢᠠᠷ ᠤᠷᠤᠬᠤ ᠪᠠᠷ ᠰᠢᠢᠳᠴᠡᠢ ᠃
ᠲᠣᠷᠤᠢ ᠨᠣᠭᠣᠳ ᠲᠡᠭᠡᠪᠤᠷ ᠲᠡᠭᠡᠷᠡᠬᠢ ᠬᠦᠯ ᠊ᠤᠨ ᠴᠢᠮᠡᠭᠡ ᠶ᠋ᠢ ᠰᠣᠨᠣᠰᠣᠭᠠᠳ ᠴᠢᠨᠣ᠎ᠠ ᠶ᠋ᠢᠨ ᠠᠷᠭ᠎ᠠ ᠶ᠋ᠢ ᠤᠶ᠋ᠢᠯᠠᠭᠠᠪᠠ ᠬᠡᠨ᠎ᠠ ᠃
ᠭᠣᠷᠪᠠᠳᠤᠭᠠᠷ ᠲᠤᠷᠤᠢ ᠵᠤᠤᠬᠠᠨ ᠳᠤ ᠭᠠᠯ ᠨᠣᠴᠣᠭᠠᠯᠠ᠋ ᠃
ᠴᠢᠨᠣ᠎ᠠ ᠠᠷᠠᠢ ᠭᠡᠵᠥ ᠶᠠᠪᠣᠵᠣ ᠶᠠᠨᠳᠤᠩ ᠳᠤ ᠬᠦᠷᠴᠥ ᠲᠤᠭᠤᠬᠰᠢ ᠪᠠᠨ ᠪᠠᠭᠤᠯᠠ᠋ ᠃ ᠭᠤᠯᠭᠣᠬᠰᠠᠭᠠᠷ ᠭᠤᠯᠭᠣᠬᠰᠠᠭᠠᠷ ᠣᠲᠠᠯ ᠥᠭᠡᠢ ᠭᠠᠯ ᠲᠡᠭᠡᠷ᠎ᠡ ᠤᠨᠠᠵᠠᠢ ᠃
ᠢᠩᠬᠢᠭᠡᠳ ᠠᠬᠠ᠋ ᠲᠡᠬᠥᠥ ᠭᠣᠷᠪᠠᠨ ᠲᠤᠷᠤᠢ ᠠᠮᠤᠷ ᠰᠠᠶ᠋ᠢᠬᠠᠨ ᠳᠤ ᠪᠠᠨ ᠵᠢᠷᠭᠠᠬᠰᠠᠨ ᠶᠣᠮ ᠃
