ᠪᠠᠭᠠᠲᠤᠷᠴᠣᠭᠲᠤ ᠶ᠋ᠢᠨ ᠨᠠᠭᠠᠴᠤ -ᠯ· ᠡᠷᠳᠡᠨᠢᠪᠣᠯᠣᠳBaatrtsogtyn nagats-L·ErdeneboldБаатрцогтын нагац-Л·Эрдэнэболд ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠠᠲᠤᠷᠴᠣᠭᠲᠤ ᠶ᠋ᠢᠨ ᠨᠠᠭᠠᠴᠤ -ᠯ· ᠡᠷᠳᠡᠨᠢᠪᠣᠯᠣᠳBaatrtsogtyn nagats-L·ErdeneboldБаатрцогтын нагац-Л·Эрдэнэболд

ᠪᠠᠭᠠᠲᠤᠷᠴᠣᠭᠲᠤ ᠶ᠋ᠢᠨ ᠨᠠᠭᠠᠴᠤ -ᠯ· ᠡᠷᠳᠡᠨᠢᠪᠣᠯᠣᠳBaatrtsogtyn nagats-L·ErdeneboldБаатрцогтын нагац-Л·Эрдэнэболд

2026-05-14

87

ᠪᠠᠭᠠᠲᠤᠷᠴᠣᠭᠲᠤ ᠶ᠋ᠢᠨ ᠨᠠᠭᠠᠴᠤ


      ᠮᠣᠩᠭᠣᠯ ᠠᠷᠠᠳ ᠤ᠋ᠨ ᠳᠠᠭᠤᠤ 
      ᠳᠠᠭᠤᠴᠢᠨ᠄ ᠯ· ᠡᠷᠳᠡᠨᠢᠪᠣᠯᠣᠳ  

ᠪᠠᠷᠠᠭᠤᠨ ᠭᠣᠣᠯ ᠤ᠋ᠨ ᠮᠠᠨᠢ ᠤᠰᠤᠨ ᠳ᠋ᠤ᠌ ᠨᠢ ᠪᠣᠯᠪᠠᠯ 
ᠵᠢᠭᠠᠰᠤ ᠦᠭᠡᠢ ᠪᠡᠷ ᠪᠣᠳᠣᠭ᠎ᠠ ᠤᠤ ᠳᠠ ᠴᠢ ᠬᠦ 
ᠪᠠᠪᠠᠢᠭᠰᠠᠨ ᠰᠠᠬᠠᠯ ᠲᠠᠢ ᠪᠠᠭᠠᠲᠤᠷᠴᠣᠭᠲᠤ ᠶ᠋ᠢᠨ ᠨᠠᠭᠠᠴᠤ ᠶ᠋ᠢ 
ᠪᠠᠭ᠎ᠠ ᠬᠥᠮᠦᠨ ᠢ᠋ᠶ᠋ᠡᠷ ᠪᠣᠳᠣᠭ᠎ᠠ ᠤᠤ ᠳᠠ ᠴᠢ ᠬᠦ 
ᠪᠠᠰᠢᠷ ᠤ᠋ᠨ ᠦᠭᠡ ᠪᠡᠷ ᠲᠠ ᠶᠠᠭᠤ ᠬᠢᠬᠦ ᠪᠣᠢ 
ᠪᠠᠢᠵᠤ ᠣᠷᠬᠢᠪᠠᠯ ᠳᠡᠭᠡᠷ᠎ᠡ ᠦᠭᠡᠢ ᠤᠤ ᠴᠢ ᠬᠦ 
ᠪᠠᠰᠢᠷ ᠤ᠋ᠨ ᠦᠭᠡ ᠪᠡᠷ ᠲᠠ ᠶᠠᠭᠤ ᠬᠢᠬᠦ ᠪᠣᠢ 
ᠪᠠᠢᠵᠤ ᠣᠷᠬᠢᠪᠠᠯ ᠳᠡᠭᠡᠷ᠎ᠡ ᠦᠭᠡᠢ ᠤᠤ ᠴᠢ ᠬᠦ 

ᠵᠡᠭᠦᠨ ᠭᠣᠣᠯ ᠤ᠋ᠨ ᠮᠠᠨᠢ ᠤᠰᠤ ᠨᠢ ᠪᠣᠯᠪᠠᠯ 
ᠵᠢᠭᠠᠰᠤ ᠦᠭᠡᠢ ᠪᠡᠷ ᠪᠣᠳᠣᠭ᠎ᠠ ᠤᠤ ᠳᠠ ᠴᠢ ᠬᠦ
ᠵᠢᠷᠪᠢᠢᠭᠰᠡᠨ ᠰᠠᠬᠠᠯ ᠲᠠᠢ ᠪᠠᠭᠠᠲᠤᠷᠴᠣᠭᠲᠤ ᠶ᠋ᠢᠨ ᠨᠠᠭᠠᠴᠤ ᠶ᠋ᠢ
ᠵᠢᠷ ᠦ᠋ᠨ ᠬᠥᠮᠦᠨ  ᠢ᠋ᠶ᠋ᠡᠷ ᠪᠣᠳᠣᠭ᠎ᠠ ᠤᠤ ᠳᠠ ᠴᠢ ᠬᠦ
ᠵᠦᠢ ᠪᠤᠰᠤ ᠶ᠋ᠢᠨ ᠦᠭᠡ ᠪᠡᠷ ᠲᠠ ᠶᠠᠭᠤ ᠪᠠᠨ ᠬᠢᠬᠦ ᠪᠤᠢ
ᠵᠦᠭᠡᠷ ᠶᠠᠪᠤᠪᠠᠯ ᠳᠡᠭᠡᠷ᠎ᠡ ᠦᠭᠡᠢ ᠤᠤ ᠴᠢ ᠬᠦ
ᠵᠦᠢ ᠪᠤᠰᠤ ᠶ᠋ᠢᠨ ᠦᠭᠡ ᠪᠡᠷ ᠲᠠ ᠶᠠᠭᠤ ᠪᠠᠨ ᠬᠢᠬᠦ ᠪᠤᠢ 
ᠵᠦᠭᠡᠷ ᠶᠠᠪᠤᠪᠠᠯ ᠳᠡᠭᠡᠷ᠎ᠡ ᠦᠭᠡᠢ ᠤᠤ ᠴᠢ ᠬᠦ

ᠰᠠᠨᠰᠢᠶᠠᠩᠭᠠᠷ ᠭᠣᠣᠯ ᠤ᠋ᠨ ᠤᠰᠤ ᠨᠢ ᠪᠣᠯᠪᠠᠯ
ᠵᠢᠭᠠᠰᠤ ᠦᠭᠡᠢ ᠪᠡᠷ ᠪᠣᠳᠣᠭ᠎ᠠ ᠤᠤ ᠳᠠ ᠴᠢ ᠬᠦ
ᠰᠠᠷᠪᠠᠢ ᠬᠣᠢᠲᠤ ᠡᠬᠡ ᠶ᠋ᠢᠨ ᠭᠠᠷ  ᠲᠤ᠌ ᠣᠷᠣᠭᠰᠠᠨ ᠠ᠋ᠴᠠ
ᠵᠦᠭᠡᠷ ᠶᠠᠪᠤᠪᠠᠯ ᠳᠡᠭᠡᠷ᠎ᠡ ᠦᠭᠡᠢ ᠤᠤ ᠳᠠ ᠴᠢ
ᠶᠠᠩᠵᠤ ᠶᠠᠩᠵᠤ ᠶ᠋ᠢᠨ ᠦᠭᠡ ᠪᠡᠷ ᠲᠠ ᠶᠠᠭᠤ ᠪᠠᠨ ᠬᠢᠬᠦ ᠪᠣᠢ
ᠵᠦᠭᠡᠷ ᠶᠠᠪᠤᠪᠠᠯ ᠳᠡᠭᠡᠷ᠎ᠡ ᠦᠭᠡᠢ ᠤᠤ ᠳᠠ ᠴᠢ 
ᠶᠠᠩᠵᠤ ᠶᠠᠩᠵᠤ ᠶ᠋ᠢᠨ ᠦᠭᠡ ᠪᠡᠷ ᠲᠠ ᠶᠠᠭᠤ ᠪᠠᠨ ᠬᠢᠬᠦ ᠪᠣᠢ
ᠵᠦᠭᠡᠷ ᠶᠠᠪᠤᠪᠠᠯ ᠳᠡᠭᠡᠷ᠎ᠡ ᠦᠭᠡᠢ ᠤᠤ ᠳᠠ ᠴᠢ 

ᠪᠠᠷᠠᠭᠤᠨ ᠭᠣᠣᠯ ᠤ᠋ᠨ ᠮᠠᠨᠢ ᠤᠰᠤᠨ ᠳ᠋ᠤ᠌ ᠨᠢ ᠪᠣᠯᠪᠠᠯ
ᠵᠢᠭᠠᠰᠤ ᠦᠭᠡᠢ ᠪᠡᠷ ᠪᠣᠳᠣᠭ᠎ᠠ ᠤᠤ ᠳᠠ ᠴᠢ ᠬᠦ
ᠪᠠᠪᠠᠢᠭᠰᠠᠨ ᠰᠠᠬᠠᠯ ᠲᠠᠢ ᠪᠠᠭᠠᠲᠤᠷᠴᠣᠭᠲᠤ ᠶ᠋ᠢᠨ ᠨᠠᠭᠠᠴᠤ ᠶ᠋ᠢ
ᠪᠠᠭ᠎ᠠ ᠬᠥᠮᠦᠨ ᠢ᠋ᠶ᠋ᠡᠷ ᠪᠣᠳᠣᠭ᠎ᠠ ᠤᠤ ᠳᠠ ᠴᠢ ᠬᠦ
ᠪᠠᠰᠢᠷ ᠤ᠋ᠨ ᠦᠭᠡ ᠪᠡᠷ ᠲᠠ ᠶᠠᠭᠤ ᠬᠢᠬᠦ ᠪᠣᠢ
ᠪᠠᠢᠵᠤ ᠪᠠᠢᠪᠠᠯ ᠳᠡᠭᠡᠷ᠎ᠡ ᠦᠭᠡᠢ ᠤᠤ ᠴᠢ ᠬᠦ
ᠪᠠᠰᠢᠷ ᠤ᠋ᠨ ᠦᠭᠡ ᠪᠡᠷ ᠲᠠ ᠶᠠᠭᠤ ᠬᠢᠬᠦ ᠪᠣᠢ
ᠪᠠᠢᠵᠤ ᠣᠷᠬᠢᠪᠠᠯ ᠳᠡᠭᠡᠷ᠎ᠡ ᠦᠭᠡᠢ ᠤᠤ ᠴᠢ ᠬᠦ

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠰᠣᠨᠢᠨᠪᠠᠶᠠᠷ