ᠠᠮᠢᠨ ᠬᠡᠯᠬᠢᠶ᠎ᠡ -ᠪ· ᠪᠠᠶᠠᠨᠳᠠᠯᠠᠢAmin khelkhee-B·BayandalaiАмин хэлхээ-Б·Баяндалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠨ ᠬᠡᠯᠬᠢᠶ᠎ᠡ -ᠪ· ᠪᠠᠶᠠᠨᠳᠠᠯᠠᠢAmin khelkhee-B·BayandalaiАмин хэлхээ-Б·Баяндалай

ᠠᠮᠢᠨ ᠬᠡᠯᠬᠢᠶ᠎ᠡ -ᠪ· ᠪᠠᠶᠠᠨᠳᠠᠯᠠᠢAmin khelkhee-B·BayandalaiАмин хэлхээ-Б·Баяндалай

ᠠᠩᠭᠢᠯᠠᠯ:ᠳᠠᠭᠤᠤ ᠬᠥᠭᠵᠢᠮ
2026-05-14

114

ᠠᠮᠢᠨ ᠬᠡᠯᠬᠢᠶ᠎ᠡ


     ᠦᠭᠡ᠄ ᠳ· ᠳ᠋ᠠᠰᠢᠴᠡᠷᠡᠨ 
     ᠠᠶ᠎ᠠ᠄ ᠨ· ᠪᠠᠰᠠᠩᠳᠣᠷᠵᠢ 
     ᠳᠠᠭᠤᠴᠢᠨ᠄ ᠤ᠋· ᠪᠠᠶᠠᠨᠳᠠᠯᠠᠢ 

ᠭᠡᠷᠡᠯᠲᠦ ᠣᠷᠴᠢᠯᠠᠩ ᠳ᠋ᠤ᠌ ᠮᠡᠨᠳᠦᠯᠡᠬᠦ ᠳ᠋ᠦ᠍ ᠪᠡᠨ 
ᠭᠡᠭᠡᠨ ᠳᠦᠷᠢ ᠶ᠋ᠢ ᠨᠢ ᠬᠠᠷᠠᠯ᠎ᠠ 
ᠷᠠᠰᠢᠶᠠᠨ ᠰᠦ ᠶ᠋ᠢ ᠨᠢ ᠠᠮᠰᠠᠬᠤ ᠳ᠋ᠤ᠌ ᠪᠠᠨ 
ᠠᠮᠢᠯᠠᠵᠤ ᠪᠣᠢ ᠪᠠᠨ ᠮᠡᠳᠡᠷᠡᠯ᠎ᠡ ᠮᠡᠳᠡᠷᠡᠯ᠎ᠡ 

ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ 
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ 
ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ

ᠰᠠᠭᠠᠯᠢ ᠶ᠋ᠢᠨ ᠦᠨᠦᠷ ᠰᠢᠩᠭᠡᠭᠰᠡᠨ
ᠰᠠᠢᠬᠠᠨ ᠦᠨᠦᠷ ᠲᠦ᠍ ᠨᠢ ᠲᠠᠢᠪᠤᠰᠢᠷᠠᠯ᠎ᠠ
ᠰᠠᠨᠠᠵᠤ ᠲᠡᠪᠡᠷᠢᠬᠦ ᠡᠩᠭᠡᠷ ᠲᠦ᠍ ᠨᠢ
ᠨᠠᠰᠤᠨ ᠲᠤᠷᠰᠢ ᠳ᠋ᠤ᠌ ᠪᠠᠨ ᠵᠢᠷᠭᠠᠯ᠎ᠠ ᠵᠢᠷᠭᠠᠯ᠎ᠠ

ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ
ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ

ᠮᠢᠨᠳᠠᠰᠤᠨ ᠵᠥᠭᠡᠯᠡᠨ ᠪᠦᠪᠡᠢ ᠳ᠋ᠦ᠍ ᠨᠢ
ᠮᠠᠷᠲᠠᠬᠤ ᠶ᠋ᠢᠨ ᠠᠷᠭ᠎ᠠ ᠦᠭᠡᠢ ᠠᠮᠠᠷᠠᠯ᠎ᠠ
ᠳᠠᠩ ᠲᠠᠢ ᠲᠤᠩ ᠲᠠᠢ ᠣᠷᠴᠢᠯᠠᠩ ᠳ᠋ᠤ᠌
ᠲᠡᠮᠡᠴᠡᠬᠦ ᠤᠬᠠᠭᠠᠨ ᠢ᠋ ᠬᠠᠢᠷᠠᠯᠠᠯ᠎ᠠ ᠬᠠᠢᠷᠠᠯᠠᠯ᠎ᠠ

ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ
ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ

ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ
ᠪᠤᠶᠠᠨ ᠵᠠᠶᠠᠭ᠎ᠠ ᠶ᠋ᠢ ᠨᠢ ᠥᠪᠯᠡᠶ᠎ᠡ ᠳᠡ
ᠥᠮᠥᠭ ᠠᠴᠢ ᠶ᠋ᠢ ᠨᠢ ᠬᠠᠷᠢᠭᠤᠯᠠᠬᠤ ᠶᠤᠮ ᠰᠠᠨ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ