ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠯ᠎ᠡ ᠲᠥᠷᠥᠯ ᠦ᠋ᠨ ᠳᠠᠩ ᠰᠢᠷᠭᠢᠭᠡᠮᠡᠯ –2 Идээ ундааны жинхэнэ товч– Хүсэхүй ᠂Хөхлуу нар – <2-р боть> Эл төрлийн тан ширгээмэл -2 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠯ᠎ᠡ ᠲᠥᠷᠥᠯ ᠦ᠋ᠨ ᠳᠠᠩ ᠰᠢᠷᠭᠢᠭᠡᠮᠡᠯ –2 Идээ ундааны жинхэнэ товч– Хүсэхүй ᠂Хөхлуу нар – <2-р боть> Эл төрлийн тан ширгээмэл -2

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠯ᠎ᠡ ᠲᠥᠷᠥᠯ ᠦ᠋ᠨ ᠳᠠᠩ ᠰᠢᠷᠭᠢᠭᠡᠮᠡᠯ –2 Идээ ундааны жинхэнэ товч– Хүсэхүй ᠂Хөхлуу нар – <2-р боть> Эл төрлийн тан ширгээмэл -2

2026-05-13

10


ᠺᠡᠲ᠋ᠧ ᠶ᠋ᠢᠨ ᠬᠡᠪ ᠦ᠋ᠨ ᠡᠮ    
       ᠰᠢᠮ᠎ᠡ ᠶ᠋ᠢ ᠤᠨᠳᠤᠷᠠᠭᠤᠯᠤᠨ ᠤᠮᠳᠠᠭᠠᠰᠬᠤ ᠶ᠋ᠢ ᠵᠣᠭᠰᠣᠭᠠᠵᠤ ᠬᠠᠨᠢᠶᠠᠳᠠ ᠶ᠋ᠢ ᠳᠠᠷᠤᠮᠤᠢ᠃         ᠺᠡᠲ᠋ᠧ ᠨᠢᠭᠡᠨ ᠯᠠᠩ ᠬᠣᠶᠠᠷ ᠴᠢᠨ᠂  ᠰᠢᠨ ᠯᠦᠸᠧ ᠣᠷᠬᠣᠳᠠᠢ (ᠰᠣᠯᠣᠩᠭᠣᠰ ᠤ᠋ᠨ ᠣᠷᠬᠣᠳᠠᠢ ᠪᠤᠶᠤ) ᠨᠢᠭᠡᠨ ᠯᠠᠩ ᠢ᠋ ᠵᠠᠯᠭᠠᠰᠤ ᠶ᠋ᠢ ᠠᠪᠴᠤ ᠬᠠᠶᠠᠨ ᠂  ᠱᠤᠳᠠᠭ ᠨᠢᠭᠡᠨ ᠴᠢᠨ ᠂  ᠡᠳᠡᠭᠡᠷ ᠢ᠋ ᠴᠥᠮ ᠨᠠᠷᠢᠨ ᠲᠠᠯᠠᠭᠳᠠᠵᠤ ᠪᠠᠢᠨᠠᠪᠠ (ᠵᠧᠮᠠᠭᠠᠷᠠ ) ᠭᠤᠷᠪᠠᠨ ᠯᠠᠩ ᠢ᠋ ᠵᠢᠭᠤᠷᠠᠵᠤ ᠲᠠᠯᠠᠭᠳᠠᠮᠤᠢ ᠃         ᠳᠡᠭᠡᠷᠡᠬᠢ ᠺᠡᠲ᠋ᠧ ᠬᠡᠮᠡᠬᠦ ᠵᠦᠢᠯ ᠢ᠋ ᠦᠵᠦᠮ ᠦ᠋ᠨ ᠠᠷᠢᠬᠢ ᠪᠠᠷ ᠬᠠᠨᠳᠠ ᠪᠣᠯᠭᠠᠨ ᠬᠠᠢᠯᠤᠭᠤᠯᠤᠭᠠᠳ ᠪᠤᠰᠤᠳ ᠲᠠᠯᠬ᠎ᠠ ᠨᠤᠭᠤᠳ ᠯᠤᠭ᠎ᠠ ᠬᠣᠯᠢᠵᠤ ᠨᠡᠢᠯᠡᠭᠦᠯᠦᠨ ᠬᠡᠪ ᠢ᠋ᠶ᠋ᠡᠷ ᠬᠡᠪᠯᠡᠮᠡᠯ ᠡᠮ ᠬᠢᠭᠡᠳ᠂  ᠤᠳᠠᠭ᠎ᠠ ᠪᠦᠷᠢ ᠨᠢᠭᠡᠨ ᠬᠡᠰᠡᠭ ᠢ᠋ ᠠᠮᠠᠨ ᠳ᠋ᠠᠭᠠᠨ ᠲᠠᠯᠪᠢᠵᠤ ᠠᠭᠠᠵᠢᠮ ᠢ᠋ᠶ᠋ᠠᠷ ᠬᠠᠢᠯᠠᠭᠤᠯᠵᠤ ᠢᠳᠡᠮᠦᠢ᠃    

ᠰᠢᠩᠼᠠ ᠺᠡᠲ᠋ᠧ ᠶ᠋ᠢᠨ ᠬᠡᠪ ᠦ᠋ᠨ ᠡᠮ        ᠰᠢᠮ᠎ᠡ ᠶ᠋ᠢ ᠲᠥᠷᠥᠭᠦᠯᠦᠨ ᠬᠦᠢᠲᠡᠨ ᠬᠠᠨᠢᠶᠠᠳᠠ ᠶ᠋ᠢ ᠳᠠᠷᠤᠮᠤᠢ᠃          ᠰᠢᠩᠼᠠ ᠭᠤᠷᠪᠠᠨ ᠴᠢᠨ ᠢ᠋ ᠲᠠᠯᠠᠭᠳᠠᠨ᠂  ᠺᠡᠲ᠋ᠧ ᠨᠢᠭᠡᠨ ᠯᠠᠩ ᠬᠣᠶᠠᠷ ᠴᠢᠨ ᠂ ᠰᠢᠨ ᠯᠦᠸᠧ (ᠰᠣᠯᠣᠩᠭᠣᠰ) ᠤᠷᠬᠤᠳᠠᠠᠢ ᠨᠢᠭᠡ ᠯᠠᠩ ᠬᠣᠶᠠᠷ ᠴᠢᠨ ᠢ᠋ ᠵᠠᠯᠭᠠᠰᠤ ᠶ᠋ᠢ ᠠᠪᠴᠤ ᠬᠠᠶᠠᠭᠠᠳ ᠲᠠᠯᠬᠠᠳᠠᠵᠤ᠂  ᠵᠧᠮᠠᠭᠠᠷᠠ ᠭᠤᠷᠪᠠᠨ ᠯᠠᠩ ᠢ᠋ ᠵᠢᠭᠤᠷᠠᠵᠤ ᠲᠠᠯᠠᠭᠳᠠᠮᠤᠢ ᠃        ᠳᠡᠭᠡᠷᠡᠬᠢ ᠺᠡᠲ᠋ᠧ ᠬᠡᠮᠡᠬᠦ ᠡᠮ ᠢ᠋ ᠵᠠᠮᠤᠷ ᠴᠡᠴᠡᠭ ᠦ᠋ᠨ ᠰᠦᠮᠦᠰᠤᠨ ᠳ᠋ᠤᠷ ᠬᠢᠵᠦ ᠬᠠᠨᠳᠠ ᠪᠣᠯᠭᠠᠨ ᠬᠠᠢᠯᠤᠭᠤᠯᠤᠭᠠᠳ ᠪᠤᠰᠤᠳ ᠵᠦᠢᠯ ᠲᠡᠢ ᠬᠣᠯᠢᠵᠤ ᠨᠡᠢᠯᠡᠭᠦᠯᠦᠨ ᠠᠷᠤᠷ᠎ᠠ ᠶ᠋ᠢᠨ ᠲᠣᠰᠣ ᠪᠠᠷ ᠬᠡᠪᠯᠡᠭᠰᠡᠨ ᠬᠡᠪ ᠦ᠋ᠨ ᠡᠮ ᠬᠢᠵᠦ ᠂ ᠤᠳᠠᠭ᠎ᠠ ᠪᠦᠷᠢ ᠨᠢᠭᠡᠨ ᠬᠡᠪ ᠢ᠋ ᠠᠮᠠᠨ ᠳ᠋ᠤᠷ ᠲᠠᠯᠪᠢᠵᠤ ᠠᠭᠠᠵᠢᠮ ᠢ᠋ᠶ᠋ᠠᠷ ᠬᠠᠢᠯᠤᠭᠤᠯᠤᠨ ᠢᠳᠡᠮᠦᠢ᠃    ᠳ᠋ᠢᠪᠢᠨᠠ ᠶ᠋ᠢᠨ ᠬᠡᠪ ᠦ᠋ᠨ ᠡᠮ       ᠡᠨᠡ ᠡᠮ ᠲᠣᠯᠣᠭᠠᠢ ᠶ᠋ᠢ ᠰᠡᠷᠭᠦᠭᠰᠢᠭᠦᠯᠦᠨ ᠨᠢᠳᠦ ᠶ᠋ᠢ ᠭᠡᠭᠡᠭᠡᠳᠭᠡᠬᠦ ᠂  ᠬᠣᠭᠣᠯᠠᠢ ᠵᠠᠯᠭᠢᠭᠤᠷ ᠤ᠋ᠨ ᠭᠡᠮ ᠢ᠋ ᠠᠷᠢᠯᠭᠠᠨ᠂  ᠰᠢᠮ᠎ᠡ ᠶ᠋ᠢ ᠲᠥᠷᠥᠭᠦᠯᠦᠨ ᠤᠮᠳᠠᠭᠠᠰᠬᠤ ᠶ᠋ᠢ ᠵᠣᠭᠰᠣᠭᠠᠵᠤ ᠂  ᠬᠠᠨᠢᠶᠠᠳᠠ ᠶ᠋ᠢ ᠳᠠᠷᠤᠮᠤᠢ᠃         ᠦᠩᠴᠤᠢ ᠬᠣᠶᠠᠷ ᠴᠢᠨ ᠢ᠋ ᠲᠠᠯᠠᠭᠳᠠᠵᠤ ᠰᠢᠨ ᠯᠦᠸᠧ (ᠰᠣᠯᠣᠩᠭᠣᠰ ) ᠤᠷᠬᠤᠳᠠᠠᠢ ᠬᠣᠶᠠᠷ ᠴᠢᠨ ᠢ᠋ ᠵᠠᠯᠭᠠᠰᠤ ᠶ᠋ᠢ ᠠᠪᠴᠤ ᠬᠠᠶᠠᠭᠠᠳ ᠲᠠᠯᠬᠠᠳᠠᠵᠤ᠂  ᠵᠧᠮᠠᠭᠠᠷᠨ ᠲᠠᠪᠤᠨ ᠯᠠᠩ ᠢ᠋ ᠵᠢᠭᠤᠷᠠᠵᠤ ᠲᠠᠯᠠᠭᠳᠠᠮᠤᠢ᠃           ᠴᠢᠴᠠᠷᠭᠠᠨ᠎ᠠ ᠶ᠋ᠢ ᠴᠢᠨᠠᠵᠤ ᠬᠠᠨᠳᠠ ᠪᠣᠯᠭᠠᠭᠠᠳ ᠥᠨᠥᠬᠢ ᠲᠠᠯᠬ᠎ᠠ ᠨᠤᠭᠤᠳ ᠢ᠋ ᠬᠣᠯᠢᠵᠤ ᠨᠡᠢᠯᠡᠭᠦᠯᠦᠨ ᠬᠡᠪ ᠦ᠋ᠨ ᠡᠮ ᠬᠢᠵᠦ ᠂ ᠤᠳᠠᠭ᠎ᠠ ᠪᠦᠷᠢ ᠨᠢᠭᠡᠨ ᠬᠡᠪ ᠢ᠋ ᠠᠮᠠᠨ ᠳ᠋ᠠᠭᠠᠨ ᠠᠭᠠᠵᠢᠮ ᠢ᠋ᠶ᠋ᠠᠷ ᠬᠠᠢᠯᠤᠭᠤᠯᠤᠨ ᠢᠳᠡᠮᠦᠢ᠃    

ᠬᠦᠴᠢᠲᠡᠢ ᠵᠦᠷᠵᠢ ᠪᠠ ᠠᠭᠠᠷᠤ ᠶ᠋ᠢᠨ ᠬᠡᠪ ᠦ᠋ᠨ ᠡᠮ  
         ᠳᠣᠲᠣᠷ ᠢ᠋ ᠠᠭᠤᠵᠢᠷᠠᠭᠤᠯᠤᠨ ᠬᠡᠢ ᠶ᠋ᠢ ᠶᠠᠪᠤᠭᠤᠯᠵᠤ ᠨᠢᠳᠦ ᠲᠣᠯᠣᠭᠠᠢ ᠶ᠋ᠢ ᠰᠡᠷᠬᠡᠭᠰᠢᠬᠦᠯᠦᠮᠦᠢ᠃          ᠰᠢᠨ᠎ᠡ ᠬᠦᠴᠦᠲᠡᠢ ᠵᠦᠷᠵᠢ ᠶ᠋ᠢᠨ ᠬᠠᠯᠢᠰᠤ ᠨᠢᠭᠡᠨ ᠯᠠᠩ ᠢ᠋  ᠬᠠᠭᠰᠠᠭᠠᠵᠤ ᠴᠠᠭᠠᠨ ᠢ᠋ ᠠᠨᠤ ᠠᠪᠴᠤ ᠬᠠᠶᠠᠨ᠂  ᠠᠭᠠᠷᠤᠨᠠᠭ ᠲᠠᠪᠤᠨ ᠴᠢᠨ᠂  ᠴᠠᠭᠠᠨ ᠽᠠᠨᠳᠠᠨ ᠲᠠᠪᠤᠨ ᠴᠢᠨ ᠂  ᠵᠧᠪᠡᠷᠡᠢ  ᠲᠠᠪᠤᠨ ᠴᠢᠨ᠂   ᠴᠠᠭᠠᠨ  ᠰᠦᠭᠮᠡᠯ  ᠲᠠᠪᠤᠨ ᠴᠢᠨ᠂   ᠷᠢᠨᠪᠤᠴᠠᠨᠢᠶᠠᠭ  ᠭᠤᠷᠪᠠᠨ ᠴᠢᠨ᠂   ᠼᠠᠯᠠ ᠭᠤᠷᠪᠠᠨ ᠴᠢᠨ ᠢ᠋ ᠠᠰ ᠲᠤᠨᠢ  ᠵᠢᠭᠤᠷᠠᠵᠤ ᠲᠠᠯᠬᠠᠳᠠᠵᠤ ᠂  ᠭᠠᠪᠤᠷ ᠬᠣᠶᠠᠷ ᠴᠢᠨ  ᠪᠠ ᠵᠢᠭᠠᠷ  ᠬᠣᠶᠠᠷ ᠴᠢᠨ ᠢ᠋  ᠲᠤᠰ ᠪᠦᠷᠢ ᠠᠰ ᠲᠤᠨᠢ  ᠵᠢᠭᠤᠷᠠᠵᠤ  ᠲᠠᠭᠯᠠᠭᠳᠠᠮᠤᠢ᠃         ᠳᠡᠭᠡᠷᠡᠬᠢ ᠲᠠᠯᠬ᠎ᠠ ᠨᠤᠭᠤᠳ ᠢ᠋ ᠰᠢᠬᠢᠷ ᠡᠪᠡᠰᠦᠨ ᠦ᠌ ᠬᠠᠨᠳᠠ ᠯᠤᠭ᠎ᠠ ᠨᠡᠢᠯᠡᠭᠦᠯᠦᠭᠡᠳ ᠬᠡᠪ ᠦ᠋ᠨ ᠡᠮ ᠪᠣᠯᠭᠠᠨ ᠬᠡᠪᠯᠡᠵᠦ᠂  ᠤᠳᠠᠭ᠎ᠠ ᠪᠦᠷᠢ ᠨᠢᠭᠡᠨ ᠬᠡᠪ ᠢ᠋ ᠠᠮᠠᠨ ᠳ᠋ᠠᠭᠠᠨ ᠠᠭᠠᠵᠢᠮ ᠢ᠋ᠶ᠋ᠠᠷ ᠬᠠᠢᠯᠠᠭᠤᠯᠵᠤ ᠢᠳᠡᠮᠦᠢ ᠃    

ᠦᠬᠡᠷ ᠦ᠋ᠨ ᠶᠠᠰᠤᠨ ᠴᠢᠮᠥᠭᠡ ᠶ᠋ᠢᠨ ᠬᠠᠨᠳᠠ         ᠡᠨᠡ ᠢᠨᠦ  ᠬᠥᠮᠦᠨ ᠦ᠌ ᠬᠥᠷᠥᠩᠭᠡ ᠪᠠ ᠴᠢᠮᠥᠭᠡ ᠶ᠋ᠢ  ᠲᠥᠯᠵᠢᠭᠦᠯᠦᠨ᠂  ᠶᠠᠰᠤ ᠰᠢᠷᠪᠥᠰᠥ ᠶ᠋ᠢ ᠴᠢᠭᠢᠷᠠᠭᠵᠢᠭᠤᠯᠵᠤ᠂  ᠴᠢᠰᠤ ᠲᠠᠮᠢᠷ ᠢ᠋ ᠵᠣᠬᠢᠴᠠᠭᠤᠯᠤᠨ ᠠᠮᠢ ᠨᠠᠰᠤ ᠶ᠋ᠢ  ᠤᠷᠲᠤᠳᠬᠠᠮᠤᠢ᠃            ᠷᠠᠨᠢ ᠶ᠋ᠢᠨ ᠬᠠᠨᠳᠠ ᠲᠠᠪᠤᠨ ᠯᠠᠩ ᠂  ᠰᠡᠧᠰᠧᠷ ᠦ᠋ᠨ ᠬᠠᠨᠳᠠ ᠭᠤᠷᠪᠠᠨ ᠯᠠᠩ  ᠂  ᠪᠠᠰᠪᠦ᠋ᠷᠦ (ᠬᠣᠣᠷ᠎ᠠ ᠦᠭᠡᠢ ᠰᠢᠷ᠎ᠠ ᠪᠣᠩ ᠠ) ᠶ᠋ᠢᠨ ᠬᠠᠨᠳᠠ ᠨᠢᠭᠡᠨ ᠯᠠᠩ ᠂  ᠦᠬᠡᠷ ᠦ᠋ᠨ  ᠶᠠᠰᠤᠨ ᠤ᠋ ᠴᠢᠮᠥᠭᠡᠨ  ᠲᠣᠰᠣ  ᠬᠣᠶᠠᠷ ᠯᠠᠩ᠃           ᠳᠡᠭᠡᠷᠡᠬᠢ ᠭᠤᠷᠪᠠᠨ ᠵᠦᠢᠯ ᠦ᠋ᠨ ᠬᠠᠨᠳᠠ ᠶ᠋ᠢ ᠴᠢᠮᠥᠭᠡᠨ ᠲᠣᠰᠣ ᠲᠠᠢ ᠨᠡᠢᠯᠡᠭᠦᠯᠵᠦ᠂   ᠮᠥᠩᠭᠥᠨ ᠬᠠᠯᠪᠠᠭ᠎ᠠ ᠪᠠᠷ ᠵᠣᠭᠰᠣᠯ ᠦᠭᠡᠢ  ᠵᠢᠭᠤᠷᠠᠵᠤ   ᠬᠤᠳᠬᠤᠭᠰᠠᠭᠠᠷ ᠬᠥᠷᠥᠬᠦ ᠶ᠋ᠢᠨ ᠵᠡᠷᠭᠡ ᠪᠡᠷ ᠬᠠᠨᠳᠠ ᠪᠣᠯᠴᠢᠬᠠᠬᠤ ᠶᠤᠮ᠃   ᠡᠳᠦᠷ ᠪᠦᠷᠢ ᠥᠯᠥᠨ ᠢ᠋ᠶ᠋ᠡᠷ ᠨᠢᠭᠡ ᠬᠠᠯᠪᠠᠭ᠎ᠠ ᠶ᠋ᠢ ᠪᠦᠯᠢᠶᠡᠨ ᠠᠷᠢᠬᠢ ᠪᠠᠷ ᠵᠢᠭᠤᠷᠠᠵᠤ ᠤᠤᠭᠤᠮᠤᠢ ᠃    

ᠪᠢᠯᠤ᠎ᠠ ᠶ᠋ᠢᠨ ᠰᠢᠷᠭᠢᠭᠡᠮᠡᠯ        ᠪᠢᠯᠤ᠎ᠠ ᠠᠷᠪᠠᠨ ᠪᠦᠬᠦᠯᠢ ᠶ᠋ᠢ ᠬᠠᠯᠢᠰᠤ  ᠪᠠ  ᠳᠣᠲᠣᠷᠠᠬᠢ ᠭᠣᠣᠯ ᠢ᠋ ᠠᠨᠤ ᠠᠪᠴᠤ ᠬᠠᠶᠠᠭᠠᠳ ᠤᠰᠤᠨ ᠳ᠋ᠤᠷ ᠰᠢᠷᠭᠢᠭᠡᠨ᠂  ᠴᠠᠭᠠᠨ ᠰᠢᠬᠢᠷ ᠠᠷᠪᠠᠨ ᠵᠢᠩ ᠢ᠋ ᠴᠡᠪᠡᠷᠯᠡᠨ ᠪᠤᠯᠭᠤᠮᠤᠢ᠃           ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ  ᠳᠠᠪᠲᠠᠨ ᠰᠢᠷᠭᠢᠭᠡᠮᠦᠢ ᠃    ᠷᠢᠳᠠᠨ ᠤ᠋  ᠰᠢᠷᠭᠢᠭᠡᠮᠡᠯ          ᠷᠢᠳᠠᠨ ( ᠠᠮᠠᠷ᠎ᠠ ᠶ᠋ᠢᠨ ᠵᠢᠮᠢᠰ ) ᠬᠣᠷᠢᠨ   ᠪᠦᠬᠦᠯᠢ ᠶ᠋ᠢ ᠬᠠᠢᠯᠠᠰᠤ ᠶ᠋ᠢ ᠨᠢ ᠠᠷᠢᠯᠭᠠᠭᠠᠳ ᠮᠢᠬ᠎ᠠ ᠶ᠋ᠢ ᠴᠢᠨᠠᠵᠤ᠂   ᠴᠠᠭᠠᠨ ᠰᠢᠬᠢᠷ ᠠᠷᠪᠠᠨ ᠵᠢᠩ ᠢ᠋ ᠴᠡᠪᠡᠷᠯᠡᠨ ᠪᠣᠯᠭᠣᠮᠤᠢ᠃           ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠳᠠᠬᠢᠨ ᠰᠢᠷᠭᠢᠭᠡᠮᠦᠢ ᠃    

ᠵᠦᠽᠢ ᠶ᠋ᠢᠨ ᠰᠢᠷᠭᠢᠭᠡᠮᠡᠯ          ᠵᠦᠽᠢ ᠵᠠᠭᠤᠨ ᠪᠦᠬᠦᠯᠢ ᠶ᠋ᠢᠨ ᠮᠢᠬ᠎ᠠ ᠶ᠋ᠢ ᠨᠢ ᠠᠪᠴᠤ ᠬᠡᠷᠡᠭᠯᠡᠨ᠂  ᠴᠠᠭᠠᠨ ᠰᠢᠬᠢᠷ ᠲᠠᠪᠤᠨ ᠵᠢᠩ ᠢ᠋ ᠴᠡᠪᠡᠷᠯᠡᠨ  ᠪᠣᠯᠭᠣᠮᠤᠢ᠃   ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ  ᠰᠢᠷᠭᠢᠭᠡᠵᠦ ᠱᠥᠯᠥ ᠶ᠋ᠢ ᠤᠤᠭᠤᠮᠤᠢ᠃            (ᠵᠦᠽᠢ ᠬᠡᠮᠡᠭᠴᠢ ᠪᠠᠷᠠᠭᠤᠨ ᠣᠷᠣᠨ ᠤ᠋ ᠨᠢᠭᠡᠨ ᠵᠦᠢᠯ ᠦ᠋ᠨ ᠤᠷᠭᠤᠮᠠᠯ ᠤ᠋ᠨ ᠨᠡᠷ᠎ᠡ᠃  ᠮᠣᠩᠭᠣᠯ ᠢ᠋ᠶ᠋ᠠᠷ ᠴᠣᠬᠣᠮ ᠶᠠᠭᠤ ᠬᠡᠮᠡᠳᠡᠭ ᠢ᠋ ᠲᠦᠷ ᠣᠯᠤᠭᠰᠠᠨ ᠦᠭᠡᠢ )  

ᠪᠣᠷᠣ ᠮᠠᠭᠠᠵᠢ ᠶ᠋ᠢᠨ ᠰᠢᠷᠭᠢᠮᠡᠯ          ᠪᠣᠷᠣ ᠮᠠᠭᠠᠵᠢ ᠶ᠋ᠢᠨ ᠨᠠᠪᠴᠢ ᠲᠠᠪᠤᠨ ᠵᠢᠩ ᠂  ᠬᠠᠳᠠᠭᠰᠠᠨᠪᠢᠯᠸ᠎ᠠ ᠲᠠᠪᠤᠨ ᠵᠢᠩ᠂  ᠴᠠᠭᠠᠨ ᠰᠢᠬᠢᠷ ᠠᠷᠪᠠᠨ ᠵᠢᠩ ᠢ᠋ ᠴᠡᠪᠡᠷᠯᠡᠨ ᠪᠤᠯᠭᠤᠮᠤᠢ᠃          ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ  ᠰᠢᠷᠭᠢᠭᠡᠮᠦᠢ ᠃    ᠠᠯᠲᠠᠨ ᠵᠦᠷᠵᠢ ᠶ᠋ᠢᠨ ᠰᠢᠷᠭᠢᠭᠡᠮᠡᠯ        ᠠᠯᠲᠠᠨ ᠵᠦᠷᠵᠢ ᠲᠠᠪᠢᠨ ᠪᠦᠬᠦᠯᠢ ᠶ᠋ᠢ ᠬᠠᠯᠢᠰᠤ ᠶ᠋ᠢ ᠠᠷᠢᠯᠭᠠᠨ ᠦᠷ᠎ᠡ ᠶ᠋ᠢ ᠠᠪᠴᠤ ᠬᠠᠶᠠᠨ ᠴᠠᠭᠠᠨ ᠰᠢᠬᠢᠷ ᠭᠤᠷᠪᠠᠨ ᠵᠢᠩ ᠃          ᠳᠡᠭᠡᠷᠡᠬᠢ ᠬᠣᠶᠠᠷ ᠵᠦᠢᠯ ᠢ᠋ ᠬᠠᠮᠲᠤ ᠳ᠋ᠤᠨᠢ ᠰᠢᠷᠭᠢᠭᠡᠵᠦ ᠱᠥᠯᠥ ᠶ᠋ᠢ ᠤᠤᠭᠤᠮᠤᠢ᠃   

ᠢᠩᠲᠣᠣᠷ ᠤ᠋ᠨ  ᠰᠢᠷᠭᠢᠭᠡᠮᠡᠯ       ᠢᠩᠲᠣᠣᠷ ᠲᠠᠪᠢᠨ ᠵᠢᠩ ᠡᠴᠡ ᠰᠢᠭᠦᠰᠦ ᠶ᠋ᠢ ᠠᠪᠴᠤ ᠬᠡᠷᠡᠭᠯᠡ᠂   ᠴᠠᠭᠠᠨ ᠰᠢᠬᠢᠷ ᠬᠣᠷᠢᠨ ᠲᠠᠪᠤᠨ ᠵᠢᠩ  ᠬᠣᠶᠠᠭᠤᠯᠠ ᠶ᠋ᠢ ᠬᠠᠮᠲᠤ ᠳ᠋ᠤᠨᠢ ᠪᠤᠴᠠᠯᠭᠠᠵᠤ ᠱᠥᠯᠥ ᠶ᠋ᠢ ᠤᠤᠭᠤᠮᠤᠢ᠃    
ᠲᠣᠭᠣᠷ ᠤ᠋ᠨ ᠰᠢᠷᠭᠢᠭᠡᠮᠡᠯ          ᠪᠦᠳᠦᠭᠦᠨ ᠲᠣᠭᠣᠷ  ᠵᠠᠭᠤᠨ ᠪᠦᠬᠦᠯᠢ ᠶ᠋ᠢ ᠬᠠᠯᠢᠰᠤ ᠶ᠋ᠢ ᠨᠢ ᠠᠪᠴᠤ ᠬᠠᠶᠠᠨ ᠬᠡᠷᠴᠢᠮ ᠬᠡᠷᠴᠢᠭᠡᠳ ᠰᠢᠭᠦᠰᠦ ᠶ᠋ᠢ ᠬᠡᠷᠡᠭᠯᠡ᠂  ᠴᠠᠭᠠᠨ  ᠪᠠᠯ ᠬᠣᠶᠠᠷ ᠵᠢᠩ ᠢ᠋ ᠴᠡᠪᠡᠷᠯᠡᠨ ᠪᠤᠯᠭᠤᠮᠤᠢ᠃           ᠳᠡᠭᠡᠷᠡᠬᠢ  ᠬᠣᠶᠠᠷ  ᠵᠦᠢᠯ ᠢ᠋ ᠬᠠᠮᠲᠤ ᠳ᠋ᠤᠨᠢ ᠰᠢᠷᠭᠢᠭᠡᠮᠦᠢ ᠃ 
ᠠᠨᠠᠷ ᠤ᠋ᠨ ᠰᠢᠷᠭᠢᠭᠡᠮᠡᠯ      ᠠᠨᠠᠷ ᠠᠷᠪᠠᠨ ᠵᠢᠩ ᠦ᠋ᠨ ᠰᠢᠭᠦᠰᠦ ᠶ᠋ᠢ ᠠᠪᠴᠤ ᠬᠡᠷᠡᠭᠯᠡ᠂  ᠴᠠᠭᠠᠨ ᠰᠢᠬᠢᠷ ᠠᠷᠪᠠᠨ ᠵᠢᠩ ᠢ᠋ ᠴᠡᠪᠡᠷᠯᠡᠨ ᠪᠣᠯᠭᠣᠮᠤᠢ᠃        ᠳᠡᠭᠡᠷᠡᠬᠢ  ᠬᠣᠶᠠᠷ  ᠵᠦᠢᠯ ᠢ᠋ ᠬᠠᠮᠲᠤ ᠳ᠋ᠤᠨᠢ ᠰᠢᠷᠭᠢᠭᠡᠮᠦᠢ ᠃    
ᠨᠢᠯᠬ᠎ᠠ ᠠᠨᠠᠷ ᠤ᠋ᠨ ᠱᠥᠯᠥ      ᠨᠢᠯᠬ᠎ᠠ ᠠᠨᠠᠷ ᠬᠣᠶᠠᠷ ᠳ᠋ᠧᠦ ᠶ᠋ᠢ ᠵᠢᠩᠭᠢᠨᠡᠵᠦ ᠪᠣᠯᠭᠣᠭᠠᠳ ᠦᠷ᠎ᠡ ᠶ᠋ᠢ ᠠᠪᠴᠤ ᠬᠠᠶᠠᠨ ᠨᠢᠴᠠᠷᠠᠲᠠᠯ᠎ᠠ ᠨᠦᠳᠦᠵᠦ ᠬᠣᠭᠣᠷᠮᠠᠭ ᠪᠣᠯᠭᠠᠨ ᠂  ᠴᠠᠭᠠᠨ ᠪᠠᠯ ᠠᠷᠪᠠᠨ  ᠵᠢᠩ ᠢ᠋ ᠴᠡᠪᠡᠷᠯᠡᠨ ᠪᠣᠯᠭᠣᠮᠤᠢ᠃          ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠰᠢᠷᠭᠢᠭᠡᠮᠦᠢ ᠃    

ᠤᠯᠠᠯᠵᠢᠭᠠᠨ᠎ᠠ ᠶ᠋ᠢᠨ ᠰᠢᠷᠭᠢᠭᠡᠮᠡᠯ       ᠰᠢᠨ᠎ᠡ ᠤᠯᠠᠯᠵᠢᠭᠠᠨ᠎ᠠ ᠠᠷᠪᠠᠨ ᠵᠢᠩ ᠢ᠋ ᠦᠷ᠎ᠡ ᠶ᠋ᠢ ᠠᠪᠴᠤ ᠬᠠᠶᠠᠨ ᠂  ᠤᠰᠤᠨ ᠳ᠋ᠤᠷ ᠳᠡᠪᠲᠦᠭᠡᠭᠡᠳ ᠰᠢᠭᠦᠰᠦ ᠶ᠋ᠢ ᠠᠪᠴᠤ ᠬᠡᠷᠡᠭᠯᠡᠨ᠂  ᠴᠠᠭᠠᠨ ᠰᠢᠬᠢᠷ ᠨᠠᠢ᠍ᠮᠠᠨ ᠵᠢᠩ ᠢ᠋ ᠴᠡᠪᠡᠷᠯᠡᠨ ᠪᠣᠯᠭᠣᠮᠤᠢ᠃           ᠳᠡᠭᠡᠷᠡᠬᠢ ᠬᠣᠶᠠᠷ ᠵᠦᠢᠯ ᠢ᠋ ᠬᠠᠮᠲᠤ ᠳ᠋ᠤᠨᠢ ᠰᠢᠷᠭᠢᠭᠡᠮᠦᠢ ᠃     
ᠴᠠᠴᠠᠷᠭᠠᠨ᠎ᠠ ᠶ᠋ᠢᠨ ᠬᠠᠨᠳᠠ         ᠴᠢᠴᠠᠷᠭᠠᠨ᠎ᠠ ᠶ᠋ᠢ ᠬᠡᠴᠢᠨᠡᠨ ᠴᠦ᠍ ᠭᠡᠮᠡᠨ  ᠬᠠᠮᠢᠶ᠎ᠠ ᠦᠭᠡᠢ ᠂ ᠲᠡᠭᠦᠨ ᠢ᠋ ᠤᠰᠤᠨ ᠳ᠋ᠤᠷ ᠳᠡᠪᠲᠦᠭᠡᠭᠡᠳ ᠰᠢᠭᠦᠰᠦ ᠶ᠋ᠢ ᠠᠪᠴᠤ ᠬᠡᠷᠡᠭᠯᠡᠮᠦᠢ ᠃           ᠳᠡᠭᠡᠷᠡᠬᠢ ᠵᠦᠢᠯ ᠢ᠋ ᠮᠥᠩᠭᠥ ᠪᠤᠶᠤ   ᠴᠢᠯᠠᠭᠤᠨ ᠰᠠᠪᠠᠨ ᠳ᠋ᠤᠷ ᠰᠢᠷᠭᠢᠭᠡᠵᠦ ᠬᠠᠨᠳᠠ ᠪᠣᠯᠭᠣᠮᠤᠢ ᠃    

ᠰᠠᠮᠤᠷ ᠤ᠋ᠨ ᠲᠣᠰᠣ        ᠨᠠᠷᠠᠰᠤᠨ ᠰᠠᠮᠤᠷ ᠢ᠋ ᠬᠡᠴᠢᠨᠡᠨ ᠴᠦ᠍ ᠪᠣᠯᠲᠤᠭᠠᠢ ᠲᠡᠭᠦᠨ ᠦ᠌ ᠬᠠᠯᠢᠰᠤ ᠶ᠋ᠢ  ᠠᠪᠴᠤ ᠬᠠᠶᠠᠭᠠᠳ ᠨᠢᠴᠠᠷᠠᠲᠠᠯ᠎ᠠ ᠨᠦᠳᠦᠵᠦ ᠬᠣᠭᠣᠷᠮᠠᠭ ᠪᠣᠯᠭᠠᠨ᠎ᠠ᠃           ᠳᠡᠭᠡᠷᠡᠬᠢ ᠵᠦᠢᠯ ᠢ᠋ ᠤᠰᠤᠨ ᠳ᠋ᠤ᠌ ᠵᠢᠭᠤᠷᠠᠵᠤ  ᠰᠢᠪᠬᠠᠨ ᠰᠢᠭᠦᠰᠦ ᠶ᠋ᠢ ᠨᠢ  ᠠᠪᠴᠤ ᠪᠤᠴᠠᠯᠭᠠᠭᠠᠳ ᠳᠡᠭᠡᠷ᠎ᠡ ᠲᠠᠯ᠎ᠠ ᠳ᠋ᠤᠨᠢ ᠳᠡᠭᠳᠡᠭᠰᠡᠨ  ᠲᠣᠰᠣ ᠶ᠋ᠢ ᠠᠪᠴᠤ ᠪᠥᠰ ᠢ᠋ᠶ᠋ᠡᠷ  ᠱᠦᠭᠦᠵᠦ  ᠴᠡᠪᠡᠷᠯᠡᠭᠰᠡᠨ ᠦ᠌ ᠳᠠᠷᠠᠭ᠎ᠠ ᠳᠠᠬᠢᠨ ᠪᠤᠴᠠᠯᠭᠠᠨ  ᠲᠤᠩᠭᠠᠵᠤ  ᠲᠤᠩᠭᠠᠯᠠᠭᠰᠢᠭᠤᠯᠤᠮᠤᠢ᠃     

ᠭᠦᠢᠯᠡᠰᠦᠨ ᠶᠠᠰᠤᠨ ᠤ᠋ ᠲᠣᠰᠣ        ᠭᠦᠢᠯᠡᠰᠦᠨ ᠶᠠᠰᠤ ᠶ᠋ᠢ ᠬᠡᠴᠢᠨᠡᠨ ᠴᠦ᠍ ᠬᠠᠮᠢᠶ᠎ᠠ ᠦᠭᠡᠢ ᠲᠡᠭᠦᠨ ᠦ᠌  ᠬᠠᠯᠢᠰᠤ ᠶ᠋ᠢᠨ ᠬᠠᠮᠲᠤ  ᠨᠦᠳᠦᠵᠦ ᠬᠡᠮᠬᠡᠯᠦᠮᠦᠢ᠃          ᠳᠡᠭᠡᠷᠡᠬᠢ ᠵᠦᠢᠯ ᠤᠰᠤᠨ ᠳ᠋ᠤᠷ  ᠪᠤᠴᠠᠯᠭᠠᠭᠠᠳ ᠳᠡᠭᠡᠷ᠎ᠡ ᠲᠠᠯ᠎ᠠ ᠳ᠋ᠤᠨᠢ ᠳᠡᠭᠳᠡᠭᠰᠡᠨ  ᠲᠤᠩᠭᠠᠯᠠᠭ ᠲᠣᠰᠣ ᠶ᠋ᠢ ᠠᠪᠴᠤ ᠪᠥᠰ ᠢ᠋ᠶ᠋ᠡᠷ  ᠱᠦᠭᠦᠵᠦ  ᠲᠤᠩᠭᠠᠭᠠᠳ   ᠳᠠᠪᠲᠠᠨ ᠰᠢᠷᠭᠠᠭᠠᠵᠤ   ᠲᠣᠰᠣ  ᠪᠣᠯᠭᠠᠮᠤᠢ᠃    

ᠴᠥᠴᠥᠭᠡᠢ          ᠦᠨᠢᠶᠡᠨ ᠰᠦ ᠶ᠋ᠢᠨ  ᠳᠡᠭᠡᠷ᠎ᠡ ᠲᠠᠯ᠎ᠠ ᠶ᠋ᠢᠨ  ᠢᠵᠠᠮᠠᠭᠳᠠᠭᠰᠨ ᠳᠠᠪᠬᠤᠷᠭ᠎ᠠ ᠶ᠋ᠢ ᠮᠠᠯᠲᠠᠨ ᠠᠪᠴᠤ  ᠰᠢᠷᠭᠠᠭᠠᠪᠠᠰᠤ ᠴᠥᠴᠥᠭᠡᠢ  ᠪᠣᠯᠤᠮᠤᠢ ᠃    ᠭᠣᠣᠯᠰᠢᠭᠰᠠᠨ ᠰᠢᠷ᠎ᠠ ᠲᠣᠰᠣ        ᠳᠡᠭᠡᠳᠦ ᠵᠡᠷᠭᠡ ᠶ᠋ᠢᠨ ᠴᠥᠴᠥᠭᠡᠢ ᠶ᠋ᠢ ᠮᠢᠩᠭᠠᠨ ᠵᠢᠩ ᠢᠯᠡᠭᠦᠦ ᠠᠪᠴᠤ ᠰᠢᠷᠭᠠᠭᠠᠳ  ᠱᠦᠭᠦᠵᠦ  ᠲᠤᠩᠭᠠᠯᠠᠭᠰᠢᠭᠤᠯᠤᠭᠰᠠᠨ ᠤ᠋ ᠳᠠᠷᠠᠭ᠎ᠠ  ᠪᠦᠳᠦᠭᠦᠨ ᠱᠠᠭᠠᠵᠠᠩ ᠭᠠᠩ ᠳ᠋ᠤᠷ ᠠᠬᠤᠭᠤᠯᠵᠤ ᠬᠠᠳᠠᠭᠠᠯᠠᠮᠤᠢ ᠃   ᠡᠪᠦᠯ ᠦ᠋ᠨ ᠬᠦᠢᠲᠡᠨ ᠦ᠌ ᠦᠶ᠎ᠡ ᠳ᠋ᠦ᠍  ᠭᠠᠩ ᠤ᠋ᠨ ᠭᠣᠣᠯ ᠳᠤᠮᠳᠠᠬᠢ  ᠦᠯᠦ ᠬᠥᠯᠳᠡᠭᠰᠡᠨ ᠬᠡᠰᠡᠭ ᠡᠴᠡ ᠠᠪᠴᠤ ᠭᠠᠷᠭᠠᠭᠰᠠᠨ ᠢ᠋ ᠭᠣᠣᠯᠰᠢᠭᠰᠠᠨ ᠰᠢᠷ᠎ᠠ ᠲᠣᠰᠣ  ᠬᠡᠮᠡᠮᠦᠢ ᠃    

ᠮᠠᠰᠠᠭ ᠲᠣᠰᠣ        ᠴᠡᠪᠡᠷ ᠦᠨᠢᠶᠡᠨ  ᠰᠦ ᠶ᠋ᠢ  ᠪᠦᠯᠢᠭᠦᠷ ᠢ᠋ᠶ᠋ᠡᠷ ᠵᠣᠭᠰᠣᠯ ᠦᠭᠡᠢ ᠪᠦᠯᠢᠵᠦ ᠠᠪᠤᠭᠰᠠᠨ ᠳᠡᠭᠳᠡᠮᠡᠯ  ᠴᠠᠷᠴᠠᠭᠰᠠᠨ ᠵᠦᠢᠯ ᠨᠢ ᠮᠠᠰᠠᠭ ᠲᠣᠰᠣ  ᠮᠥᠨ ᠃   ᠡᠭᠦᠨ ᠢ᠋ ᠡᠳᠦᠭᠡ ᠪᠠᠰᠠ ᠴᠠᠭᠠᠨ ᠲᠣᠰᠣ  ᠬᠡᠮᠡᠳᠡᠭ᠃    

ᠫᠠᠩᠮᠠᠢᠪᠦ᠋ᠷᠦ ᠶ᠋ᠢᠨ ᠴᠠᠢ        ᠫᠠᠩᠮᠠᠢᠪᠦ᠋ᠷᠦ ᠲᠠᠪᠤᠨ  ᠳ᠋ᠧᠦ ᠶ᠋ᠢ  ᠤᠰᠤᠨ ᠳ᠋ᠤᠷ  ᠴᠡᠪᠡᠷᠯᠡᠨ ᠤᠬᠢᠶᠠᠵᠤ ᠳᠡᠭᠳᠡᠭᠰᠡᠨ  ᠵᠦᠢᠯ ᠢ᠋ ᠠᠪᠴᠤ  ᠬᠠᠶᠠᠭᠠᠳ ᠬᠠᠭᠤᠷᠴᠤ ᠬᠠᠲᠠᠭᠠᠨ  ᠴᠠᠭᠠᠨ ᠪᠥᠰ ᠦ᠋ᠨ ᠨᠠᠷᠢᠨ  ᠤᠭᠤᠲᠠ ᠪᠠᠷ ᠴᠡᠪᠡᠷᠯᠡᠨ᠂   ᠲᠡᠭᠦᠨ ᠦ᠌ ᠭᠤᠤᠷᠰᠤ ᠪᠠ ᠴᠣᠮᠣᠷᠯᠢᠭ᠂   ᠵᠢᠴᠢ ᠬᠠᠷ᠎ᠠ ᠥᠩᠭᠡᠲᠡᠢ ᠶ᠋ᠢ ᠨᠢ ᠠᠪᠴᠤ ᠬᠠᠶᠠᠨ ᠤᠯᠠᠭᠠᠨ ᠥᠩᠭᠡᠲᠡᠢ ᠶ᠋ᠢ  ᠰᠢᠯᠢᠵᠦ ᠠᠪᠤᠨ  ᠬᠡᠷᠡᠭᠯᠡᠮᠦᠢ᠃   ᠲᠡᠭᠡᠭᠡᠳ ᠴᠢᠶᠣᠤ ᠱᠧ ᠴᠠ ( ᠪᠣᠯᠵᠣᠮᠣᠷ ᠤ᠋ᠨ ᠬᠡᠯᠡᠲᠦ ᠴᠠᠢ) ᠬᠡᠮᠡᠬᠦ ᠴᠠᠢ ᠶ᠋ᠢ ᠢᠩ ᠦ᠋ᠨ ᠳᠡᠭᠡᠷ᠎ᠡ  ᠲᠠᠯᠪᠢᠵᠤ ᠪᠤᠯᠤᠳᠠᠭᠠᠳ ᠂   ᠡᠭᠦᠨ ᠢ᠋ ᠬᠡᠷᠡᠭᠯᠡᠬᠦ ᠦᠭᠡᠢ ᠪᠡᠷ ᠢᠩ ᠦ᠋ᠨ ᠳᠡᠭᠡᠷ᠎ᠡ ᠫᠠᠩᠮᠠᠢᠪᠦ᠋ᠷᠦ ᠶ᠋ᠢ ᠨᠠᠷᠢᠨ ᠲᠠᠯᠠᠭᠲᠤᠨ ᠪᠤᠯᠤᠳᠠᠵᠤ ᠂  ᠡᠳᠦᠷ ᠪᠦᠷᠢ  ᠥᠯᠥᠨ ᠦ᠌ ᠦᠶ᠎ᠡ ᠳ᠋ᠦ᠍ ᠨᠢᠭᠡᠨ ᠬᠠᠯᠪᠠᠭ᠎ᠠ  ᠵᠥᠭᠡᠬᠡᠢ ᠲᠡᠢ ᠵᠢᠭᠤᠷᠠᠵᠤ ᠪᠦᠯᠢᠶᠡᠨ ᠠᠷᠢᠬᠢ ᠪᠠᠷ ᠳᠠᠷᠤᠭᠤᠯᠵᠤ ᠤᠤᠭᠤᠬᠤ ᠪᠤᠶᠤ ᠡᠰᠡᠬᠦᠯ᠎ᠡ ᠪᠤᠴᠠᠯᠤᠭᠰᠠᠨ ᠤᠰᠤ ᠪᠠᠷ ᠳᠠᠷᠤᠭᠤᠯᠵᠤ ᠤᠤᠭᠤᠭᠰᠠᠨ ᠴᠤ᠌ ᠪᠣᠯᠤᠮᠤᠢ᠃   ᠬᠠᠷᠢᠨ ᠲᠠᠷᠠᠭ ᠲᠠᠢ ᠬᠠᠮᠲᠤ ᠤᠤᠭᠤᠬᠤ ᠶ᠋ᠢ  ᠴᠡᠭᠡᠷᠯᠡᠲᠦᠭᠡᠢ᠃     

ᠬᠠᠰ  ᠲᠡᠭᠡᠷᠮ᠎ᠡ ᠶ᠋ᠢᠨ ᠴᠠᠢ      ᠳᠡᠭᠡᠳᠦ ᠵᠡᠷᠭᠡ ᠶ᠋ᠢᠨ  ᠽᠢ ᠰᠦᠨ ᠴᠠ   ᠬᠡᠮᠡᠬᠦ ᠴᠠᠢ  ᠲᠠᠪᠢᠨ ᠵᠢᠩ᠂   ᠬᠠᠭᠤᠷᠤᠭᠰᠠᠨ ᠪᠤᠳᠠᠭ᠎ᠠ ᠲᠠᠪᠢᠨ ᠵᠢᠩ ᠢ᠋ ᠲᠤᠰ ᠪᠦᠷᠢ ᠳ᠋ᠦ᠍ᠨᠢ  ᠰᠢᠭᠰᠢᠭᠦᠷᠳᠡᠵᠦ  ᠴᠡᠪᠡᠷᠯᠡᠭᠡᠳ ᠬᠠᠮᠲᠤ ᠨᠡᠢᠯᠡᠭᠦᠯᠦᠨ ᠬᠤᠳᠬᠤᠵᠤ ᠂  ᠡᠭᠦᠨ ᠢ᠋ᠶ᠋ᠡᠨ ᠬᠠᠰ  ᠲᠡᠭᠡᠷᠮ᠎ᠡ ᠳ᠋ᠦ᠍ ᠳᠡᠭᠡᠷᠡᠮᠳᠡᠵᠦ  ᠴᠠᠢ  ᠪᠣᠯᠭᠠᠮᠤᠢ ᠃    

ᠠᠯᠲᠠᠨ ᠥᠰᠥᠭᠲᠦ ᠴᠠᠢ        ᠡᠨᠡ ᠪᠣᠯᠪᠠᠰᠤ ᠡᠮᠦᠨ᠎ᠡ ᠭᠠᠵᠠᠷ ᠤ᠋ᠨ ᠬᠤᠵᠧᠦ ᠳ᠋ᠡᠬᠢ ᠽᠣᠤ ᠶ᠋ᠢᠨ ᠬᠡᠮᠡᠬᠦ ᠬᠡᠮᠬᠡᠷᠬᠡᠢ ᠴᠠᠢ ᠪᠣᠯᠠᠢ ᠃     ᠹᠠᠨ ᠳ᠋ᠢᠶᠠᠨ ᠱᠤᠸᠠᠢ ᠬᠡᠮᠡᠬᠦ ᠴᠠᠢ        ᠡᠨᠡ ᠪᠣᠯᠪᠠᠰᠤ ᠵᠢᠶᠠᠩᠰᠦ ᠵᠧᠵᠢᠶᠠᠩ ᠤ᠋ᠨ ᠴᠢᠩ  ᠶᠤᠸᠠᠨ  ᠯᠦ᠍  ᠭᠠᠵᠠᠷ ᠤ᠋ᠨ  ᠽᠣᠤ ᠶ᠋ᠢᠨ ᠬᠡᠮᠡᠬᠦ ᠴᠠᠢ ᠮᠥᠨ᠂  ᠡᠭᠦᠨ ᠦ᠌ ᠠᠮᠲᠠ ᠪᠠ ᠥᠩᠭᠡ ᠶ᠋ᠢᠨ ᠲᠠᠯ᠎ᠠ ᠪᠠᠷ ᠣᠯᠠᠨ ᠲᠥᠷᠥᠯ ᠦ᠋ᠨ ᠴᠠᠢ ᠠ᠋ᠴᠠ ᠬᠡᠳᠦᠢᠳᠦᠵᠦᠬᠦᠢ᠃    

ᠽᠢ ᠰᠦᠨ ᠴᠢᠶᠣᠤ ᠱᠧ ᠬᠡᠮᠡᠬᠦ ᠴᠠᠢ           ᠴᠠᠢ ᠶ᠋ᠢᠨ ᠨᠢᠯᠬ᠎ᠠ ᠨᠠᠪᠴᠢ ᠰᠢᠯᠢᠵᠦ ᠠᠪᠤᠨ ᠵᠢᠩᠨᠡᠨ ᠦᠢᠯᠡᠳᠦᠭᠰᠡᠨ ᠢ᠋ ᠽᠢ ᠰᠦᠨ ᠬᠡᠮᠡᠵᠦ ᠂  ᠰᠢᠶᠠᠨ ᠴᠦᠨ ᠂  ᠼᠢ ᠴᠦᠨ  ᠪᠠ ᠲᠠᠨ ᠴᠦᠨ ᠭᠡᠬᠦ ᠵᠡᠷᠭᠡ ᠶ᠋ᠢᠨ ᠴᠠᠢ  ᠪᠣᠯᠪᠠᠴᠤ ᠽᠢ ᠰᠦᠨ ᠴᠢᠶᠣᠤ ᠱᠧ ᠴᠠᠢ ᠳ᠋ᠤᠷ ᠦᠯᠦ ᠬᠥᠷᠥᠮᠦᠢ᠃    

ᠨᠢᠦᠢ ᠰᠢᠦᠢ ᠡᠯ ᠴᠠᠢ   ᠪᠣᠯᠪᠠᠰᠤ  ᠾᠧᠪᠧᠢ ᠭᠠᠵᠠᠷ ᠲᠤ᠌ ᠭᠠᠷᠳᠠᠭ ᠪᠦᠯᠢᠶᠡᠨ ᠠᠮᠲᠠᠯᠢᠭ ᠠᠮᠲᠠᠲᠠᠢ ᠃    ᠰᠢ ᠹᠠᠨ  ᠬᠡᠮᠡᠬᠦ ᠪᠠᠷᠠᠭᠤᠨ ᠭᠠᠵᠠᠷ ᠤ᠋ᠨ ᠴᠠᠢ ᠪᠣᠯᠪᠠᠰᠤ   ᠭᠠᠰᠢᠭᠤᠯᠢᠭ ᠡᠬᠡᠭᠦᠨ ᠠᠮᠲᠠᠲᠠᠢ᠂   ᠴᠠᠢ ᠪᠤᠴᠠᠯᠭᠠᠬᠤ ᠳ᠋ᠠᠭᠠᠨ ᠰᠢᠷ᠎ᠠ ᠲᠣᠰᠣ ᠣᠷᠣᠭᠤᠯᠤᠮᠤᠢ᠃    ᠴᠤᠸᠠᠨ ᠴᠠᠢ᠂  ᠲᠧᠩ ᠴᠠᠢ ᠺᠤᠸᠠ ᠴᠠᠢ  ᠪᠣᠯᠪᠠᠯ ᠴᠥᠮ ᠰᠧᠴᠤᠸᠠᠨ ᠭᠠᠵᠠᠷ ᠲᠤ᠌  ᠭᠠᠷᠳᠠᠭ ᠃    ᠶᠠᠨ ᠸᠧᠢ  ᠴᠠᠢ  ᠪᠣᠯ ᠵᠢᠶᠠᠩᠰᠦ᠂  ᠵᠧᠵᠢᠶᠠᠩ ᠂  ᠵᠢᠶᠠᠩᠰᠢ ᠵᠡᠷᠭᠡ ᠭᠠᠵᠠᠷ ᠲᠤ᠌  ᠭᠠᠷᠳᠠᠭ ᠃    ᠬᠠᠢ ᠡᠯ ᠴᠠᠢ ᠪᠣᠯ ᠭᠤᠸᠠᠩᠨᠠᠨ  ᠭᠠᠵᠠᠷ ᠲᠤ᠌ ᠭᠠᠷᠤᠮᠤᠢ᠃     ᠸᠧᠨ ᠰᠢᠩ ᠴᠠᠢ  ᠪᠣᠯ  ᠬᠡᠢ ᠢᠦᠢ  ᠭᠠᠵᠠᠷ ᠲᠤ᠌  ᠭᠠᠷᠤᠮᠤᠢ ᠃          ᠠᠯᠢᠪᠠ ᠴᠠᠢ ᠶ᠋ᠢᠨ ᠵᠦᠢᠯ ᠪᠣᠯᠪᠠᠰᠤ  ᠴᠥᠮ  ᠭᠠᠰᠢᠭᠤᠨ  ᠪᠠᠬᠠᠨ ᠬᠦᠢᠲᠡᠨ ᠴᠢᠨᠠᠷ ᠲᠠᠢ ᠂  ᠬᠣᠣᠷ᠎ᠠ ᠦᠭᠡᠢ ᠶᠦ᠍ᠮ᠃    ᠴᠠᠢ ᠪᠣᠯᠪᠠᠰᠤ  ᠪᠠᠳᠬᠠᠨ ᠬᠠᠯᠠᠭᠤᠨ ᠢ᠋ ᠠᠷᠢᠯᠭᠠᠨ ᠂  ᠤᠮᠳᠠᠭᠠᠰᠬᠤ ᠶ᠋ᠢ ᠵᠣᠭᠰᠣᠭᠠᠬᠤ ᠪᠠ᠂   ᠰᠢᠩᠭᠡᠨ ᠮᠥᠷ ᠢ᠋ ᠲᠤᠰᠠᠯᠠᠵᠤ ᠂  ᠢᠳᠡᠭᠡᠨ ᠢ᠋ ᠰᠢᠩᠭᠡᠬᠡᠨ᠂   ᠬᠡᠢ ᠶ᠋ᠢ ᠠᠷᠢᠯᠭᠠᠨ ᠂  ᠣᠶᠤᠨ ᠤᠬᠠᠭᠠᠨ ᠢ᠋  ᠰᠡᠷᠬᠡᠭᠰᠢᠭᠦᠯᠦᠨ  ᠨᠣᠢᠷ ᠢ᠋  ᠪᠠᠭᠠᠰᠬᠠᠮᠤᠢ᠃    

ᠲᠤᠩᠭᠠᠯᠠᠭ ᠴᠠᠢ(ᠴᠢᠩ ᠴᠠᠢ)      ᠤᠷᠢᠳᠠᠪᠡᠷ ᠤᠰᠤ ᠪᠠᠨ ᠪᠤᠴᠠᠯᠭᠠᠭᠠᠳ ᠱᠦᠭᠦᠵᠦ ᠴᠡᠪᠡᠷᠯᠡᠭᠰᠡᠨ ᠦ᠌ ᠳᠠᠷᠠᠭ᠎ᠠ ᠲᠤᠩᠭᠠᠯᠠᠭ ᠤᠰᠤᠨ ᠳ᠋ᠤᠷ ᠴᠠᠢ ᠪᠠᠨ ᠲᠠᠯᠪᠢᠵᠤ᠂ ᠤᠳᠠᠭᠠᠰᠢᠷᠠᠭᠤᠯᠬᠤ ᠦᠭᠡᠢ ᠪᠡᠷ ᠪᠤᠴᠠᠯᠭᠠᠮᠤᠢ᠃    
ᠬᠠᠭᠤᠷᠤᠮᠠᠯ ᠴᠠᠢ        ᠲᠡᠮᠦᠷ ᠲᠣᠭᠣᠭ᠎ᠠ ᠶ᠋ᠢ ᠤᠯᠠᠢᠰᠬᠠᠵᠤ ᠡᠮᠦᠨ᠎ᠡ ᠳᠤᠷᠠᠳᠤᠭᠰᠠᠨ ᠴᠠᠭᠠᠨ ᠲᠣᠰᠣ ᠪᠠ ᠦᠨᠢᠶᠡᠨ ᠰᠦ ᠂  ᠵᠢᠴᠢ ᠴᠠᠢ ᠶ᠋ᠢ ᠬᠠᠮᠲᠤ ᠳ᠋ᠤ᠌ ᠨᠢ ᠬᠠᠭᠤᠷᠤᠮᠤᠢ᠃    
ᠯᠠᠨ ᠭᠣᠣ ᠬᠡᠮᠡᠬᠦ ᠬᠠᠨᠳᠠ         ᠬᠠᠰ ᠳᠡᠭᠡᠷᠡᠮᠳ᠋ᠦ᠍ ᠬᠡᠮᠬᠡᠷᠬᠡᠢ ᠴᠠᠢ ᠭᠤᠷᠪᠠᠨ ᠬᠠᠯᠪᠠᠭ᠎ᠠ ᠶ᠋ᠢ ᠪᠣᠯᠭᠣᠭᠰᠠᠨ ᠭᠤᠯᠢᠷ ᠪᠠ ᠰᠢᠷ᠎ᠠ ᠲᠣᠰᠣ ᠲᠠᠢ ᠨᠡᠢᠯᠡᠭᠦᠯᠦᠨ ᠵᠢᠭᠤᠷᠠᠵᠤ ᠬᠠᠨᠳᠠᠯᠠᠭᠠᠳ ᠪᠤᠴᠠᠯᠤᠭᠰᠠᠨ ᠤᠰᠤ ᠬᠢᠵᠦ ᠤᠤᠭᠤᠮᠤᠢ᠃    
ᠰᠦ᠍ ᠴᠢᠶᠠᠨ ᠬᠡᠮᠡᠬᠦ ᠤᠮᠳᠠᠭᠠᠨ       ᠠᠯᠲᠠᠨ   ᠥᠰᠥᠭᠲᠦ  ᠬᠡᠮᠡᠬᠦ  ᠴᠠᠢ ᠬᠣᠶᠠᠷ ᠬᠠᠯᠪᠠᠭ᠎ᠠ ᠳ᠋ᠤᠷ ᠰᠢᠷ᠎ᠠ ᠲᠣᠰᠣ ᠲᠠᠯᠪᠢᠵᠤ ᠵᠢᠭᠤᠷᠠᠭᠠᠳ ᠪᠤᠴᠠᠯᠤᠭᠰᠠᠨ ᠤᠰᠤ ᠬᠢᠵᠦ ᠤᠤᠭᠤᠮᠤᠢ᠃    
ᠵᠢᠶᠠᠨ ᠳᠠᠩ ᠬᠡᠮᠡᠬᠦ ᠤᠮᠳᠠᠭᠠᠨ      ᠬᠠᠰ ᠳᠡᠭᠡᠷᠡᠮᠳᠦ ᠬᠡᠮᠡᠬᠦ  ᠬᠡᠮᠬᠡᠷᠬᠡᠢ ᠴᠠᠢ ᠨᠢᠭᠡᠨ ᠬᠠᠯᠪᠠᠭ᠎ᠠ ᠶ᠋ᠢ ᠠᠶᠠᠭᠠᠨ ᠳ᠋ᠤᠷ ᠲᠠᠯᠪᠢᠵᠤ ᠵᠢᠭᠤᠷᠠᠵᠤ ᠲᠡᠭᠰᠢᠷᠡᠭᠦᠯᠦᠭᠡᠳ ᠣᠷᠭᠢᠯᠤᠮ᠎ᠠ ᠪᠤᠴᠠᠯᠤᠭᠰᠠᠨ ᠤᠰᠤ ᠪᠠᠷ ᠪᠦᠷᠴᠦ ᠤᠤᠭᠤᠮᠤᠢ᠃    
ᠦᠨᠦᠷᠲᠦ ᠴᠠᠢ  
      ᠴᠠᠭᠠᠨ ᠴᠠᠢ ᠨᠢᠭᠡᠨ  ᠤᠭᠤᠲᠠ ᠂  ᠳ᠋ᠠᠭᠰᠢᠯᠭᠠᠪᠣᠷ ᠭᠤᠷᠪᠠᠨ ᠴᠢᠨ ᠂ ᠪᠠᠢ ᠶᠣᠣ ᠵᠢᠶᠠᠨ ᠬᠡᠮᠡᠬᠦ ᠡᠮ ᠬᠠᠭᠠᠰ ᠴᠢᠨ ᠂  ᠵᠢᠭᠠᠷ ᠬᠣᠶᠠᠷ ᠴᠢᠨ᠂  ᠡᠳᠡᠭᠡᠷ ᠵᠦᠢᠯ ᠢ᠋ ᠬᠠᠮᠲᠤ ᠳ᠋ᠤᠨᠢ ᠨᠠᠷᠢᠨ ᠲᠠᠯᠠᠭᠳᠠᠭᠠᠳ ᠰᠠᠢᠨ ᠲᠤᠲᠤᠷᠭ᠎ᠠ ᠲᠠᠢ ᠰᠢᠩᠭᠡᠨ ᠪᠤᠳᠠᠭ᠎ᠠ ᠴᠢᠨᠠᠵᠤ ᠨᠤᠬᠤᠵᠤ ᠨᠠᠢᠷᠠᠭᠤᠯᠤᠨ ᠬᠡᠪ ᠢ᠋ᠶ᠋ᠡᠷ ᠬᠡᠪᠯᠡᠮᠦᠢ᠃  
       (ᠪᠠᠢ ᠶᠣᠣ ᠵᠢᠶᠠᠨ ᠬᠡᠮᠡᠭᠴᠢ ᠳ᠋ᠠᠳᠷᠢᠭ ᠢ᠋ ᠴᠠᠢ ᠵᠡᠷᠭᠡ ᠯᠦ᠍ᠭᠡ ᠨᠡᠢᠯᠡᠭᠦᠯᠵᠦ ᠢᠰᠬᠡᠵᠦ ᠦᠢᠯᠡᠳᠦᠭᠰᠡᠨ ᠬᠡᠰᠡᠭᠯᠢᠭ ᠵᠦᠢᠯ ᠮᠥᠨ᠃ ᠡᠨᠡ ᠢᠨᠦ        ᠢᠰᠬᠦᠯᠡᠩ᠂ ᠠᠮᠲᠠᠯᠢᠭ ᠠᠮᠲᠠᠲᠠᠢ᠂ ᠲᠡᠭᠰᠢ ᠴᠢᠨᠠᠷ ᠲᠠᠢ᠂ ᠠᠭᠤᠰᠬᠢ ᠶ᠋ᠢ ᠰᠢᠮᠡᠵᠢᠭᠦᠯᠵᠦ ᠴᠢᠷ ᠢ᠋ ᠠᠷᠢᠯᠭᠠᠨ ᠰᠢᠮ᠎ᠡ ᠶ᠋ᠢ ᠲᠥᠷᠥᠭᠦᠯᠦᠨ ᠤᠮᠳᠠᠭᠠᠰᠬᠤ ᠶ᠋ᠢ ᠵᠣᠭᠰᠣᠭᠠᠬᠤ ᠴᠢᠳᠠᠯ ᠲᠠᠢ᠃)   

                ᠦᠰᠦᠭ ᠠᠮᠢᠯᠠᠭᠤᠯᠤᠭᠰᠠᠨ ᠨᠢ ᠄ ᠭᠠᠸᠠ   
                ᠬᠢᠨᠠᠭᠴᠢ ᠄ ᠲᠤᠭᠴᠢ ᠰᠠᠷᠠᠨ᠎ᠠ