ᠬᠥᠨᠳᠡᠯᠡᠨ ᠠᠭᠤᠯᠠ ᠶ᠋ᠢᠨ ᠪᠤᠳᠠᠩ -ᠬᠦᠬᠡᠮᠦ᠋ᠴᠢᠷKhöndlön uulyn budan-KhökhmöchirХөндлөн уулын будан-Хөхмөчир
ᠬᠥᠨᠳᠡᠯᠡᠨ ᠠᠭᠤᠯᠠ ᠶ᠋ᠢᠨ ᠪᠤᠳᠠᠩ
ᠦᠭᠡ᠄ ᠨᠠᠰᠤᠨ
ᠠᠶ᠎ᠠ᠄ ᠰᠡᠴᠡᠨᠴᠣᠭᠲᠤ
ᠳᠠᠭᠤᠴᠢᠨ᠄ ᠬᠦᠬᠡᠮᠦ᠋ᠴᠢᠷ
ᠲᠡᠷᠲᠡᠭᠡ ᠬᠥᠨᠳᠡᠯᠡᠨ ᠦ᠌ ᠪᠤᠳᠠᠩ ᠤᠨᠢᠶᠠᠷ ᠨᠢ
ᠲᠡᠷᠯᠢᠭ ᠦ᠋ᠨ ᠮᠢᠨᠢ ᠡᠩᠭᠡᠷ ᠲᠦ᠍ ᠰᠡᠮᠡᠷᠡᠭᠡ ᠤᠤ
ᠲᠠᠮᠤᠯᠠᠵᠤ ᠢᠷᠡᠭᠰᠡᠨ ᠨᠡᠭᠦᠳᠡᠯ ᠳ᠋ᠦ᠍ᠨᠢ
ᠲᠡᠯᠡᠭᠦᠬᠡᠨ ᠬᠣᠷᠮᠣᠢ ᠪᠠᠨ ᠳᠡᠪᠢᠰᠦᠭᠡ ᠤᠤ ᠳᠠ
ᠪᠤᠭᠤᠷᠤᠯ ᠬᠥᠨᠳᠡᠯᠡᠨ ᠦ᠌ ᠮᠠᠨᠠᠨ ᠨᠢ
ᠪᠤᠯᠠᠭᠠᠨ ᠨᠢᠳᠤᠷᠭᠠᠨ ᠳ᠋ᠤ᠌ ᠮᠢᠨᠢ ᠬᠣᠷᠠᠭᠠᠭᠠ ᠤᠤ
ᠪᠤᠷᠬᠠᠨ ᠪᠠᠭᠤᠭᠰᠠᠨ ᠪᠠᠭᠤᠴᠠᠨ ᠳ᠋ᠤᠨᠢ
ᠪᠤᠶᠠᠨ ᠬᠡᠰᠢᠭ ᠢ᠋ ᠠᠷᠭᠠᠳᠠᠭᠠ ᠤᠤ ᠳᠠ
ᠴᠠᠰᠤᠲᠠᠢ ᠬᠥᠨᠳᠡᠯᠡᠨ ᠦ᠌ ᠪᠤᠳᠠᠩ ᠨᠢ
ᠴᠠᠩᠲᠤᠭᠰᠠᠨ ᠬᠥᠮᠥᠰᠬᠡ ᠶ᠋ᠢ ᠮᠢᠨᠢ ᠦᠨᠦᠰᠦᠭᠡ ᠤᠤ
ᠰᠠᠴᠤᠯᠢ ᠪᠠᠨ ᠡᠷᠭᠦᠭᠰᠡᠨ ᠢᠷᠥᠭᠡᠯ ᠳ᠋ᠤᠨᠢ
ᠴᠠᠭᠯᠠᠰᠢ ᠦᠭᠡᠢ ᠠᠮᠤᠭᠤᠯᠠᠩ ᠢ᠋ ᠬᠠᠢᠷᠠᠯᠠᠭ᠎ᠠ ᠤᠤ ᠳᠠ
ᠰᠠᠴᠤᠯᠢ ᠪᠠᠨ ᠡᠷᠭᠦᠭᠰᠡᠨ ᠢᠷᠦᠭᠡᠯ ᠳ᠋ᠦ᠍ᠨᠢ
ᠴᠠᠭᠯᠠᠰᠢ ᠦᠭᠡᠢ ᠠᠮᠤᠭᠤᠯᠠᠩ ᠢ᠋ ᠬᠠᠢᠷᠠᠯᠠᠭ᠎ᠠ ᠤᠤ ᠳᠠ
ᠬᠠᠢᠷᠠᠯᠠᠭ᠎ᠠ ᠤᠤ ᠳᠠ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
