ᠡᠩᠬᠡ ᠶ᠋ᠢᠨ ᠡᠯᠴᠢ-ᠴᠡᠴᠡᠭᠮ᠎ᠠEnkhiin elch-TsetsegmaaЭнхийн элч-Цэцэгмаа
ᠡᠩᠬᠡ ᠶ᠋ᠢᠨ ᠡᠯᠴᠢ
ᠦᠭᠡ ᠄ ᠳᠣᠯᠣᠳ᠂ ᠬᠠᠰᠪᠢᠯᠢᠭ᠌
ᠠᠶ᠎ᠠ ᠄ ᠤᠷᠲᠤᠨᠠᠰᠤᠨ
ᠳᠠᠭᠤᠴᠢᠨ ᠄ ᠴᠡᠴᠡᠭᠮ᠎ᠠ
ᠢᠯᠠᠭᠤᠭᠰᠠᠨ ᠡᠷᠳᠡᠮᠲᠦ ᠣᠲᠠᠴᠢ ᠶ᠋ᠢᠨ ᠬᠠᠭᠠᠨ ᠤ᠋ ᠵᠠᠷᠯᠢᠭ ᠢ᠋ᠶ᠋ᠠᠷ
ᠢᠷᠠᠭᠤ ᠣᠷᠴᠢᠯᠠᠩ ᠳ᠋ᠤ᠌ ᠵᠢᠷᠭᠠᠯ ᠤ᠋ᠨ ᠦᠷ᠎ᠡ ᠶ᠋ᠢ ᠲᠦᠭᠡᠭᠡᠭᠰᠡᠨ
ᠡᠷᠳᠡᠨᠢ ᠶ᠋ᠢᠨ ᠵᠣᠷ ᠤᠪᠠᠳᠢᠰᠲᠤ ᠡᠮ ᠦ᠋ᠨ ᠤᠬᠠᠭᠠᠨ ᠢ᠋ᠶ᠋ᠠᠷ
ᠡᠨᠡᠯᠦᠩᠲᠦ ᠶ᠋ᠢᠨ ᠰᠡᠳᠬᠢᠯ ᠳ᠋ᠦ᠍ ᠭᠡᠭᠡᠨ ᠵᠤᠯᠠ ᠪᠠᠳᠠᠷᠠᠭᠠᠭᠰᠠᠨ
ᠨᠢᠩᠵᠢᠨ ᠰᠡᠳᠬᠢᠯᠲᠦ ᠡᠩᠬᠡ ᠶ᠋ᠢᠨ ᠡᠯᠴᠢ ᠲᠠᠨ ᠳ᠋ᠤ᠌ ᠪᠠᠨ
ᠨᠠᠨᠳᠢᠨ ᠵᠢᠷᠦᠬᠡᠨ ᠦ᠌ ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠠᠷᠪᠠᠨ ᠵᠦᠭ ᠦ᠋ᠨ ᠠᠮᠢᠲᠠᠨ ᠤ᠋ ᠲᠤᠰᠠ ᠠᠮᠤᠭᠤᠯᠠᠩ ᠢ᠋ᠶ᠋ᠠᠷ
ᠠᠷᠢᠭᠤᠨ ᠣᠷᠴᠢᠯᠠᠩ ᠳ᠋ᠤ᠌ ᠷᠠᠰᠢᠶᠠᠨ ᠤ᠋ ᠰᠢᠮ᠎ᠡ ᠶ᠋ᠢ ᠰᠠᠴᠤᠭᠰᠠᠨ
ᠵᠣᠷ ᠬᠥᠯᠭᠡ ᠰᠣᠳᠣ ᠣᠶᠤᠨ ᠤ᠋ ᠬᠦᠴᠦᠨ ᠢ᠋ᠶ᠋ᠡᠷ
ᠵᠣᠪᠠᠯᠠᠩᠲᠤ ᠶ᠋ᠢᠨ ᠰᠡᠳᠬᠢᠯ ᠢ᠋ ᠲᠤᠩᠭᠠᠭᠴᠢ ᠡᠷᠳᠡᠨᠢ ᠪᠡᠷ ᠠᠳᠢᠰᠯᠠᠭᠰᠠᠨ
ᠨᠢᠩᠵᠢᠨ ᠰᠡᠳᠬᠢᠯᠲᠦ ᠡᠩᠬᠡ ᠶ᠋ᠢᠨ ᠡᠯᠴᠢ ᠲᠠᠨ ᠳ᠋ᠤ᠌ ᠪᠠᠨ
ᠨᠠᠨᠳᠢᠨ ᠵᠢᠷᠦᠬᠡᠨ ᠦ᠌ ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠲᠤᠩᠭᠠᠯᠠᠭ《ᠬᠥᠬᠡ ᠪᠧᠸᠳᠦᠷᠶᠡ 》 ᠨᠣᠮ ᠤ᠋ᠨ ᠪᠢᠯᠢᠭ ᠢ᠋ᠶ᠋ᠡᠷ
ᠲᠤᠨᠤᠮᠠᠯ ᠳᠡᠯᠡᠬᠡᠢ ᠳ᠋ᠦ᠍ ᠠᠮᠢᠨ ᠦᠨᠳᠦᠰᠦ ᠶ᠋ᠢ ᠰᠢᠲᠦᠭᠰᠡᠨ
ᠲᠡᠭᠦᠯᠳᠡᠷ ᠭᠦᠨ ᠳ᠋ᠦ᠍ ᠨᠡᠪᠲᠡᠷᠡᠭᠰᠡᠨ ᠡᠰᠢ ᠣᠨᠣᠯ ᠢ᠋ᠶ᠋ᠠᠷ
ᠲᠦᠮᠡᠨ ᠦ᠌ ᠶᠢᠰᠦᠨ ᠬᠦᠰᠡᠯ ᠢ᠋ ᠲᠡᠩᠴᠡᠬᠡᠨ ᠲᠡᠭᠰᠢᠯᠡᠭᠰᠡᠨ
ᠨᠢᠩᠵᠢᠨ ᠰᠡᠳᠬᠢᠯᠲᠦ ᠡᠩᠬᠡ ᠶ᠋ᠢᠨ ᠡᠯᠴᠢ ᠲᠠᠨ ᠳ᠋ᠤ᠌ ᠪᠠᠨ
ᠨᠠᠨᠳᠢᠨ ᠵᠢᠷᠦᠬᠡᠨ ᠦ᠌ ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠨᠢᠩᠵᠢᠨ ᠰᠡᠳᠬᠢᠯᠲᠦ ᠡᠩᠬᠡ ᠶ᠋ᠢᠨ ᠡᠯᠴᠢ ᠲᠠᠨ ᠳ᠋ᠤ᠌ ᠪᠠᠨ
ᠨᠠᠨᠳᠢᠨ ᠵᠢᠷᠦᠬᠡᠨ ᠦ᠌ ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠢᠷᠦᠭᠡᠯ ᠵᠥᠩᠨᠡᠯ ᠢ᠋ᠶ᠋ᠡᠨ ᠳᠡᠪᠰᠢᠭᠦᠯᠦᠶ᠎ᠡ
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠦᠰᠦᠭ ᠬᠢᠨᠠᠭᠴᠢ᠄ ᠰᠡᠴᠡᠨ
