ᠳ᠋ᠠᠷ᠎ᠠ ᠡᠬᠡ ᠶ᠋ᠢᠨ ᠮᠠᠭᠲᠠᠭᠠᠯ - ᠬᠤᠭᠤᠷᠴᠢ᠄ ᠮᠥᠩᠭᠦᠨᠴᠣᠭᠲᠦ Дар эхийн магтаал - хуурч᠄ Мөнгөнцогт ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳ᠋ᠠᠷ᠎ᠠ ᠡᠬᠡ ᠶ᠋ᠢᠨ ᠮᠠᠭᠲᠠᠭᠠᠯ - ᠬᠤᠭᠤᠷᠴᠢ᠄ ᠮᠥᠩᠭᠦᠨᠴᠣᠭᠲᠦ Дар эхийн магтаал - хуурч᠄ Мөнгөнцогт

ᠳ᠋ᠠᠷ᠎ᠠ ᠡᠬᠡ ᠶ᠋ᠢᠨ ᠮᠠᠭᠲᠠᠭᠠᠯ - ᠬᠤᠭᠤᠷᠴᠢ᠄ ᠮᠥᠩᠭᠦᠨᠴᠣᠭᠲᠦ Дар эхийн магтаал - хуурч᠄ Мөнгөнцогт

2026-05-10

5

ᠳ᠋ᠠᠷ᠎ᠠ ᠡᠬᠡ ᠶ᠋ᠢᠨ ᠮᠠᠭᠲᠠᠭᠠᠯ

      
           ᠬᠤᠭᠤᠷᠴᠢ᠄ ᠮᠥᠩᠭᠦᠨᠴᠣᠭᠲᠦ 

 ᠬᠣᠷᠯᠣ ᠡᠷᠳᠡᠨᠢ ᠶ᠋ᠢᠨ ᠴᠦᠩᠵᠢᠭᠲᠦ 
 ᠬᠣᠷᠢᠨ ᠨᠢᠭᠡᠨ ᠳᠠᠷ᠎ᠠ ᠡᠬᠡ ᠮᠢᠨᠦ 
 ᠬᠣᠣᠷᠯᠠᠯ ᠲᠢᠪ ᠢ᠋ ᠠᠷᠢᠭᠤᠳᠬᠠᠭᠴᠢ 
 ᠬᠣᠷᠢᠨ ᠨᠢᠭᠡᠨ ᠪᠤᠷᠬᠠᠨ ᠮᠢᠨᠦ 
 ᠰᠢᠳᠢ ᠤᠪᠠᠳᠢᠰ ᠲᠤ ᠨᠢ ᠪᠢᠰᠢᠷᠡᠵᠦ  
 ᠰᠢᠲᠦᠯᠭᠡ ᠲᠠᠷᠨᠢ ᠶ᠋ᠢ ᠨᠢ ᠬᠡᠯᠡᠶ᠎ᠡ 
 ᠣᠮ ᠳ᠋ᠠᠷᠢ ᠳ᠋ᠦᠳ ᠳ᠋ᠠᠷᠢ  
 ᠳ᠋ᠦᠷᠢ ᠰᠤᠬ᠎ᠠ ᠳ᠋ᠦᠷᠢ ᠰᠤᠬ᠎ᠠ   

 ᠡᠷᠡᠮᠰᠢ ᠰᠡᠳᠬᠢᠯ ᠢ᠋ ᠨᠠᠮᠤᠳᠬᠠᠭᠴᠢ 
 ᠡᠪᠳᠡᠷᠡᠭᠰᠡᠨ ᠪᠦᠬᠦᠨ ᠢ᠋ ᠡᠪᠯᠡᠭᠦᠯᠬᠦ 
 ᠲᠥᠭᠡᠷᠭᠡ ᠵᠠᠶᠠᠭ᠎ᠠ ᠶ᠋ᠢ ᠲᠡᠭᠰᠢᠳᠬᠡᠬᠦ  
 ᠲᠥᠷᠥ ᠶ᠋ᠢᠨ ᠵᠠᠷᠭᠤ ᠶ᠋ᠢ ᠲᠦᠪᠰᠢᠳᠬᠡᠬᠦ
 ᠡᠷᠬᠡᠨ ᠳ᠋ᠦ᠍ ᠬᠤᠷᠢᠶᠠᠭᠴᠢ ᠳ᠋ᠠᠷ᠎ᠠ ᠡᠬᠡ ᠶ᠋ᠢᠨ 
 ᠡᠷᠳᠡᠮ ᠴᠢᠳᠠᠯ ᠳ᠋ᠤᠷ ᠰᠥᠬᠥᠷᠡᠨ ᠮᠥᠷᠭᠥᠶ᠎ᠡ  
 ᠣᠮ ᠳ᠋ᠠᠷᠢ ᠳ᠋ᠦᠳ ᠳ᠋ᠠᠷᠢ  
 ᠳ᠋ᠦᠷᠢ ᠰᠤᠬ᠎ᠠ ᠳ᠋ᠦᠷᠢ ᠰᠤᠬ᠎ᠠ   

 ᠵᠢᠷᠭᠤᠭᠠᠨ ᠰᠠᠪᠠ ᠲᠠᠪᠤᠨ ᠴᠤᠯᠤ ᠳ᠋ᠤᠷ 
 ᠵᠣᠪᠠᠯᠠᠩ ᠣᠷᠣᠵᠤ ᠡᠪᠡᠳᠴᠢᠨ ᠠᠲᠠᠯᠠᠬᠤ 
 ᠰᠢᠨᠤᠯ ᠤ᠋ᠨ ᠲᠦᠮᠡᠨ ᠪᠠᠷᠴᠢᠳ ᠢ᠋ 
 ᠰᠢᠳᠢᠲᠦ ᠲᠠᠷᠨᠢ ᠪᠠᠷ ᠢᠯᠭᠠᠷᠠᠰᠢᠭᠤᠯᠤᠭᠴᠢ 
 ᠠᠳᠠ ᠨᠣᠮᠣᠬᠠᠷᠠᠭᠤᠯᠤᠭᠴᠢ ᠳ᠋ᠠᠷ᠎ᠠ ᠡᠬᠡ ᠶ᠋ᠢᠨ 
 ᠠᠭᠤᠤ ᠬᠦᠴᠦᠨ ᠳ᠋ᠦ᠍ᠷ ᠪᠢᠰᠢᠷᠡᠨ ᠮᠥᠷᠭᠥᠶ᠎ᠡ 
 ᠣᠮ ᠳ᠋ᠠᠷᠢ ᠳ᠋ᠦᠳ ᠳ᠋ᠠᠷᠢ  
 ᠳ᠋ᠦᠷᠢ ᠰᠤᠬ᠎ᠠ ᠳ᠋ᠦᠷᠢ ᠰᠤᠬ᠎ᠠ   

 ᠲᠥᠷᠥᠭᠰᠡᠨ ᠪᠦᠬᠦᠨ ᠳ᠋ᠦ᠍ᠷ ᠪᠤᠶᠠᠨ ᠬᠤᠷᠠᠵᠤ 
 ᠲᠦᠮᠡᠨ ᠦ᠌ ᠦᠢᠯᠡᠰ ᠲᠣᠷ ᠭᠠᠴᠢᠶᠠᠯ ᠪᠠᠭᠠᠰᠤᠭᠠᠳ 
 ᠪᠤᠭᠤᠷᠤᠯ ᠬᠣᠷᠸ᠎ᠠ ᠶ᠋ᠢᠨ ᠪᠤᠮᠪᠠ ᠪᠢᠯᠬᠠᠵᠤ 
 ᠪᠤᠴᠠᠯᠤᠨ ᠣᠷᠬᠢᠬᠤ ᠭᠣᠮᠣᠳᠠᠯ ᠰᠠᠷᠨᠢᠭᠠᠳ 
 ᠲᠡᠭᠦᠰ ᠡᠳ᠋ᠯᠡᠯ ᠢ᠋ ᠳᠡᠯᠭᠡᠷᠡᠭᠦᠯᠦᠭᠴᠢ  
 ᠲᠡᠭᠦᠯᠳᠡᠷ ᠮᠡᠷᠭᠡᠨ ᠳ᠋ᠦ᠍ᠷ ᠰᠥᠭᠥᠳᠦᠨ ᠮᠥᠷᠭᠥᠶ᠎ᠡ  
 ᠣᠮ ᠳ᠋ᠠᠷᠢ ᠳ᠋ᠦᠳ ᠳ᠋ᠠᠷᠢ  
 ᠳ᠋ᠦᠷᠢ ᠰᠤᠬ᠎ᠠ ᠳ᠋ᠦᠷᠢ ᠰᠤᠬ᠎ᠠ   

 ᠳᠣᠲᠣᠷ ᠰᠡᠳᠬᠢᠯ ᠠᠷᠢᠭᠤᠰᠴᠤ 
 ᠳᠣᠷᠣᠢ ᠦᠵᠡᠯ ᠦᠭᠡᠢᠰᠴᠦ 
 ᠤᠳᠠᠭᠠᠨ ᠵᠢᠷᠭᠠᠬᠤ ᠮᠥᠷ ᠴᠤᠬᠤᠢᠵᠤ 
 ᠤᠳᠤᠮ ᠰᠠᠢᠵᠢᠷᠠᠬᠤ ᠦᠢᠯᠡ ᠪᠦᠲᠦᠭᠡᠬᠦ 
 ᠨᠠᠰᠤ ᠠᠷᠪᠢᠳᠬᠠᠭᠴᠢ ᠳ᠋ᠠᠷ᠎ᠠ ᠡᠬᠡ ᠳ᠋ᠦ᠍ᠷ 
 ᠨᠠᠮᠠᠨᠴᠢᠯᠠᠨ ᠪᠠᠢᠵᠤ ᠰᠥᠭᠥᠳᠦᠨ ᠮᠥᠷᠭᠥᠶ᠎ᠡ 
 ᠣᠮ ᠳ᠋ᠠᠷᠢ ᠳ᠋ᠦᠳ ᠳ᠋ᠠᠷᠢ   
 ᠳ᠋ᠦᠷᠢ ᠰᠤᠬ᠎ᠠ ᠳ᠋ᠦᠷᠢ ᠰᠤᠬ᠎ᠠ  

 ᠠᠷᠭ᠎ᠠ ᠪᠢᠯᠢᠭ ᠦ᠋ᠨ ᠠᠯᠠᠭ ᠮᠡᠯᠮᠡᠢ 
 ᠠᠵᠠ ᠲᠠᠪᠢᠯᠠᠩᠲᠤ ᠦᠨᠡᠨᠴᠢ ᠬᠠᠢᠷ᠎ᠠ  
 ᠠᠭᠤᠤ ᠰᠠᠢᠬᠠᠨ ᠤ᠋ ᠡᠷᠬᠢᠮ ᠴᠢᠨᠠᠷ 
 ᠠᠰᠤᠷᠢ ᠲᠡᠭᠷᠢ ᠶ᠋ᠢᠨ ᠠᠯᠲᠠᠨ ᠵᠠᠭᠠᠳᠠᠰᠤ 
 ᠰᠡᠳᠬᠢᠯ ᠪᠤᠯᠢᠶᠠᠭᠴᠢ ᠳ᠋ᠠᠷ᠎ᠠ ᠡᠬᠡ ᠲᠠᠨ ᠤ᠋ 
 ᠰᠡᠪ ᠦᠭᠡᠢ ᠯᠠᠭᠱᠠᠨ ᠳ᠋ᠤᠷ ᠰᠥᠭᠥᠳᠦᠨ ᠮᠥᠷᠭᠥᠶ᠎ᠡ 
 ᠣᠮ ᠳ᠋ᠠᠷᠢ ᠳ᠋ᠦᠳ ᠳ᠋ᠠᠷᠢ 
 ᠳ᠋ᠦᠷᠢ ᠰᠤᠬ᠎ᠠ ᠳ᠋ᠦᠷᠢ ᠰᠤᠬ᠎ᠠ  

 ᠨᠥᠬᠥᠷ ᠦ᠋ᠨ ᠢᠲᠡᠭᠡᠯ ᠢ᠋ ᠤᠯᠠ ᠳ᠋ᠠᠭᠠᠨ ᠭᠢᠰᠬᠢᠬᠦ 
 ᠨᠠᠷᠢᠨ ᠨᠢᠭᠤᠴᠠ ᠶ᠋ᠢ ᠠᠭᠤᠳᠠᠯᠯᠠᠨ ᠰᠢᠨᠵᠢᠬᠦ 
 ᠨᠠᠷᠠ ᠰᠠᠷᠠ ᠶ᠋ᠢ ᠲᠡᠷᠢᠭᠦᠯᠡᠨ ᠰᠡᠪᠲᠦᠭᠡᠬᠦ 
 ᠨᠠᠢ᠍ᠮᠠᠨ ᠵᠦᠭ ᠲᠡᠭᠡᠨ ᠭᠠᠰᠠᠯᠠᠩ ᠲᠠᠷᠬᠠᠭᠠᠭᠴᠢ 
 ᠰᠢᠮᠨᠤᠰ ᠳᠠᠢᠰᠤᠨ ᠢ᠋ ᠳᠠᠷᠤᠨ ᠰᠥᠨᠥᠭᠡᠭᠴᠢ  
 ᠱᠠᠭᠢᠮᠤᠨᠢ ᠳ᠋ᠠᠷ᠎ᠠ ᠡᠬᠡ ᠳ᠋ᠦ᠍ᠷ ᠮᠥᠷᠭᠥᠨ ᠳᠠᠭᠠᠳᠬᠠᠶ᠎ᠠ  
 ᠣᠮ ᠳ᠋ᠠᠷᠢ ᠳ᠋ᠦᠳ ᠳ᠋ᠠᠷᠢ 
 ᠳ᠋ᠦᠷᠢ ᠰᠤᠬ᠎ᠠ ᠳ᠋ᠦᠷᠢ ᠰᠤᠬ᠎ᠠ  

 ᠭᠠᠯ ᠤᠰᠤᠨ ᠤ᠋ ᠠᠶᠤᠯᠲᠤ ᠭᠠᠰᠠᠯᠠᠩ 
 ᠭᠠᠩ ᠵᠤᠳ ᠤ᠋ᠨ ᠠᠮᠠᠷ ᠦᠭᠡᠢ ᠵᠣᠪᠠᠯᠠᠩ 
 ᠦᠷᠦ ᠵᠢᠷᠦᠬᠡ ᠶ᠋ᠢ ᠰᠢᠨᠠᠯᠭᠠᠨ ᠲᠠᠮᠤᠯᠠᠬᠤ 
 ᠡᠪᠡᠳᠴᠢᠨ ᠡᠮᠭᠡᠭ ᠢ᠋ ᠵᠠᠢᠯᠠᠭᠤᠯᠤᠭᠴᠢ 
 ᠠᠶᠤᠯ ᠠ᠋ᠴᠠ ᠠᠪᠤᠷᠠᠬᠤ ᠳ᠋ᠠᠷ᠎ᠠ ᠡᠬᠡ ᠲᠠᠨ ᠤ᠋  
 ᠠᠯᠲᠠᠨ ᠮᠣᠳᠣᠷ ᠠ᠋ᠴᠠ ᠠᠳᠢᠰ ᠠᠪᠴᠤ ᠮᠥᠷᠭᠥᠶ᠎ᠡ  
 ᠣᠮ ᠳ᠋ᠠᠷᠢ ᠳ᠋ᠦᠳ ᠳ᠋ᠠᠷᠢ 
 ᠳ᠋ᠦᠷᠢ ᠰᠤᠬ᠎ᠠ ᠳ᠋ᠦᠷᠢ ᠰᠤᠬ᠎ᠠ   

 ᠠᠭᠤᠯᠠ ᠤᠰᠤ ᠪᠠᠨ ᠦᠯᠦ ᠪᠠᠶᠠᠷᠯᠠᠭᠤᠯᠬᠤ 
 ᠤᠷᠤᠭ ᠲᠥᠷᠥᠯ ᠢ᠋ᠶ᠋ᠡᠨ ᠦᠯᠦ ᠬᠠᠢᠷᠠᠯᠠᠬᠤ  
 ᠤᠷᠭᠤᠭ᠎ᠠ ᠪᠦᠬᠦᠨ ᠢ᠋ ᠦᠳᠲᠡᠷ ᠤᠰᠠᠳᠬᠠᠬᠤ  
 ᠣᠯᠢᠭ ᠮᠠᠭᠤ ᠶ᠋ᠢ ᠰᠠᠷᠨᠢᠭᠤᠯᠤᠭᠴᠢ 
 ᠯᠤᠤᠰ ᠰᠠᠪᠳᠠᠭ ᠤ᠋ᠨ ᠬᠣᠣᠷ ᠢ᠋ ᠠᠷᠢᠯᠭᠠᠬᠤ 
 ᠯᠤᠤᠰ ᠤ᠋ᠨ ᠳᠠᠭᠢᠨᠢ ᠳ᠋ᠠᠷ᠎ᠠ ᠡᠬᠡ ᠳ᠋ᠦ᠍ᠷ ᠮᠥᠷᠭᠥᠶ᠎ᠡ 
 ᠣᠮ ᠳ᠋ᠠᠷᠢ ᠳ᠋ᠦᠳ ᠳ᠋ᠠᠷᠢ 
 ᠳ᠋ᠦᠷᠢ ᠰᠤᠬ᠎ᠠ ᠳ᠋ᠦᠷᠢ ᠰᠤᠬ᠎ᠠ  

 ᠬᠣᠲᠠᠯᠠ ᠣᠯᠠᠨ ᠰᠡᠳᠬᠢᠯ ᠲᠡᠨᠢᠭᠡᠷ 
 ᠬᠠᠮᠤᠭ ᠪᠦᠬᠦᠨ ᠠᠮᠤᠷ ᠲᠠᠢᠪᠤᠩ 
 ᠳᠡᠯᠡᠬᠡᠢ ᠶ᠋ᠢᠨ ᠡᠩ ᠢ᠋ᠶ᠋ᠡᠷ ᠳᠡᠭᠡᠪᠦᠷ ᠪᠦᠲᠦᠨ  
 ᠳᠡᠭᠡᠳᠦ ᠲᠡᠭᠷᠢ ᠪᠡᠷ ᠮᠡᠴᠢᠳ ᠳᠦᠭᠦᠷᠡᠩ 
 ᠠᠯᠢᠪᠠ ᠦᠢᠯᠡᠰ ᠪᠦᠬᠦᠨ ᠢ᠋ ᠪᠦᠲᠦᠭᠡᠭᠴᠢ 
 ᠠᠷᠢᠭᠤᠨ ᠲᠠᠭᠰᠢᠨ ᠳ᠋ᠠᠷ᠎ᠠ ᠡᠬᠡ ᠳ᠋ᠦ᠍ᠷ ᠮᠥᠷᠭᠥᠶ᠎ᠡ 
 ᠣᠮ ᠳ᠋ᠠᠷᠢ ᠳ᠋ᠦᠳ ᠳ᠋ᠠᠷᠢ  
 ᠳ᠋ᠦᠷᠢ ᠰᠤᠬ᠎ᠠ ᠳ᠋ᠦᠷᠢ ᠰᠤᠬ᠎ᠠ  

        ᠦᠰᠦᠭ ᠠᠮᠢᠯᠠᠭᠤᠯᠤᠭᠴᠢ᠄ ᠪᠣᠷᠵᠢᠭᠢᠨ ᠰᠡᠴᠡᠨᠬᠦᠦ 
        ᠦᠰᠦᠭ ᠬᠠᠲᠠᠭᠴᠢ᠄ ᠪᠤᠤ ᠰᠠᠷᠠᠨ᠎ᠠ 
        ᠬᠢᠨᠠᠭᠴᠢ᠄ ᠲᠤᠭᠴᠢ ᠰᠠᠷᠠᠨ᠎ᠠ