ᠭᠠᠷ ᠤ᠋ᠨ ᠠᠷᠪᠠᠨ ᠬᠤᠷᠤᠭᠤ -ᠰ· ᠡᠷᠳᠡᠨᠢᠴᠡᠴᠡᠭGaryn arvan khuruu-S.Erdenetsetseg Гарын арван хуруу-С.Эрдэнэцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠷ ᠤ᠋ᠨ ᠠᠷᠪᠠᠨ ᠬᠤᠷᠤᠭᠤ -ᠰ· ᠡᠷᠳᠡᠨᠢᠴᠡᠴᠡᠭGaryn arvan khuruu-S.Erdenetsetseg Гарын арван хуруу-С.Эрдэнэцэцэг

ᠭᠠᠷ ᠤ᠋ᠨ ᠠᠷᠪᠠᠨ ᠬᠤᠷᠤᠭᠤ -ᠰ· ᠡᠷᠳᠡᠨᠢᠴᠡᠴᠡᠭGaryn arvan khuruu-S.Erdenetsetseg Гарын арван хуруу-С.Эрдэнэцэцэг

ᠠᠩᠭᠢᠯᠠᠯ:ᠳᠠᠭᠤᠤ ᠬᠥᠭᠵᠢᠮ
2026-05-09

7

ᠭᠠᠷ ᠤ᠋ᠨ ᠠᠷᠪᠠᠨ ᠬᠤᠷᠤᠭᠤ


     ᠮᠣᠩᠭᠣᠯ ᠠᠷᠠᠳ ᠤ᠋ᠨ ᠳᠠᠭᠤᠤ 
      ᠳᠠᠭᠤᠴᠢᠨ᠄ ᠰ· ᠡᠷᠳᠡᠨᠢᠴᠡᠴᠡᠭ 

ᠭᠠᠷ ᠤ᠋ᠨ ᠠᠷᠪᠠᠨ ᠬᠤᠷᠤᠭᠤ ᠨᠢ 
ᠭᠠᠵᠢᠭ᠎ᠠ ᠨᠢ ᠦᠭᠡᠢ ᠰᠢᠯᠤᠭᠤᠨ ᠠ᠋ ᠬᠦ 
ᠭᠠᠷ᠎ᠲᠤ ᠪᠠᠨ ᠬᠢᠭᠰᠡᠨ ᠪᠥᠭᠡᠵᠢ ᠨᠢ ᠬᠦ 
ᠬᠣᠯᠢᠴᠠ ᠦᠭᠡᠢ ᠰᠢᠵᠢᠷ ᠳᠡ ᠬᠦ 

ᠬᠠᠷ᠎ᠠ ᠥᠩᠭᠡ ᠶ᠋ᠢᠨ ᠲᠣᠷᠭ᠎ᠠ ᠪᠠᠷ 
ᠬᠠᠨᠴᠤᠢ ᠪᠠᠨ ᠶᠠᠭᠤᠨ ᠳ᠋ᠤ᠌ ᠡᠮᠵᠢᠯ᠎ᠡ ᠳᠡ ᠬᠦ 
ᠬᠠᠷᠢ ᠶ᠋ᠢᠨ ᠬᠤᠰᠢᠭᠤᠨ ᠤ᠋ ᠴᠢᠮ᠎ᠠ ᠳ᠋ᠤ᠌ ᠪᠠᠨ ᠪᠢ 
ᠬᠠᠢᠷ᠎ᠠ ᠪᠠᠨ ᠶᠠᠭᠤᠨ ᠳ᠋ᠤ᠌ ᠥᠭᠭᠦᠯ᠎ᠡ ᠳᠡ ᠬᠦ 

ᠡᠷᠢᠶᠡᠨ ᠥᠩᠭᠡ ᠶ᠋ᠢᠨ ᠲᠣᠷᠭ᠎ᠠ ᠪᠠᠷ
ᠡᠩᠭᠡᠷ ᠢ᠋ᠶ᠋ᠡᠨ ᠶᠠᠭᠤᠨ ᠳ᠋ᠤ᠌ ᠡᠮᠵᠢᠯ᠎ᠡ ᠳᠡ ᠬᠦ
ᠡᠩ ᠦ᠋ᠨ ᠬᠤᠰᠢᠭᠤᠨ ᠤ᠋ ᠴᠢᠮ᠎ᠠ ᠳ᠋ᠤ᠌ ᠪᠠᠨ ᠪᠢ
ᠢᠩᠭᠢᠲᠡᠯ᠎ᠡ ᠪᠡᠨ ᠶᠠᠭᠤᠨ ᠳ᠋ᠤ᠌ ᠲᠡᠰᠦᠯ᠎ᠡ ᠳᠠ ᠬᠦ

ᠠᠷᠤ ᠪᠠᠷ ᠤᠷᠭᠤᠭᠰᠠᠨ ᠬᠠᠢᠯᠠᠰᠤ ᠨᠢ ᠬᠦ
ᠠᠯᠲᠠᠨ ᠤ᠋ ᠮᠠᠨᠢ ᠥᠩᠭᠡ ᠪᠡᠷ ᠰᠢᠷᠭᠠᠯᠲᠤᠨ᠎ᠠ ᠬᠦ
ᠠᠮᠠᠷᠠᠭ ᠬᠣᠩᠭᠣᠷ ᠬᠦᠦ ᠳ᠋ᠦ᠍ ᠪᠡᠨ
ᠠᠪᠤ ᠠ᠋ᠴᠠ ᠪᠠᠨ ᠴᠤ᠌ ᠢᠯᠡᠭᠦᠦ ᠲᠡᠰᠦᠯ᠎ᠡ ᠳᠠ ᠬᠦ

ᠡᠩᠭᠡᠷ ᠢ᠋ᠶ᠋ᠡᠷ ᠤᠷᠭᠤᠭᠰᠠᠨ ᠬᠠᠢᠯᠠᠰᠤ ᠨᠢ ᠬᠦ
ᠡᠷᠳᠡᠨᠢ ᠶ᠋ᠢᠨ ᠮᠠᠨᠢ ᠥᠩᠭᠡ ᠪᠡᠷ ᠰᠢᠷᠭᠠᠯᠲᠤᠨ᠎ᠠ ᠬᠦ
ᠡᠩᠬᠦᠷᠡᠢ ᠬᠣᠩᠭᠣᠷ ᠬᠦᠦ ᠳ᠋ᠦ᠍ ᠪᠡᠨ
ᠡᠵᠢ ᠡᠴᠡ ᠪᠡᠨ ᠴᠦ᠍ ᠢᠯᠡᠭᠦᠦ ᠲᠡᠰᠦᠯ᠎ᠡ ᠳᠠ ᠬᠦ

   ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
   ᠦᠰᠦᠭ ᠬᠠᠲᠠᠭᠴᠢ᠄ ᠬᠠᠨ ᠱᠢ ᠵᠢᠶᠦ᠋ᠨ
   ᠬᠢᠨᠠᠭᠴᠢ᠄ ᠣᠳᠬᠠᠨᠰᠣ᠎ᠠ