ᠠᠯᠲᠠᠨ ᠦᠶ᠎ᠡ ᠶ᠋ᠢᠨ ᠳᠠᠭᠤᠤ ᠨᠤᠭᠤᠳ - ᠭ ∙ ᠠᠯᠲᠠᠨᠬᠤᠨᠳᠠᠭᠠ᠂ ᠭ ∙ ᠠᠯᠲᠠᠨᠪᠠᠭᠠᠨ᠎ᠠ ᠂ ᠯ ∙ ᠨᠠᠩᠰᠠᠯᠮ᠎ᠠАлтан үеийн дуунууд - Г.Алтанхундага, Г.Алтанбагана, Л.Нансалмаа
ᠠᠯᠲᠠᠨ ᠦᠶ᠎ᠡ ᠶ᠋ᠢᠨ ᠳᠠᠭᠤᠤ ᠨᠤᠭᠤᠳ
ᠡᠵᠢ ᠶ᠋ᠢᠨ ᠰᠤᠷᠭᠠᠯ
ᠦᠭᠡ᠄ ᠵ· ᠵᠢᠳᠠᠮᠪᠠ
ᠠᠶ᠎ᠠ᠄ ᠰ· ᠳᠠᠸᠠ
ᠳᠠᠭᠤᠴᠢᠨ᠄ ᠭ· ᠠᠯᠲᠠᠨᠬᠤᠨᠳᠠᠭᠠ· ᠭ· ᠠᠯᠲᠠᠨᠪᠠᠭᠠᠨ᠎ᠠ· ᠯ· ᠨᠠᠩᠰᠠᠯᠮ᠎ᠠ
ᠡᠩᠬᠦᠷᠡᠢᠯᠡᠨ ᠥᠰᠬᠡᠭᠰᠡᠨ ᠡᠵᠢ ᠶ᠋ᠢᠨ ᠮᠢᠨᠢ ᠬᠠᠢᠷ᠎ᠠ
ᠡᠷᠬᠢᠮ ᠶᠣᠰᠣᠨ ᠤ᠋ ᠰᠤᠷᠭᠠᠯ ᠪᠠᠢᠵᠠᠢ ᠬᠦ
ᠴᠠᠭᠠᠨ ᠰᠦ ᠪᠡᠨ ᠬᠠᠨᠤᠲᠠᠯ᠎ᠠ ᠬᠠᠢᠷᠠᠯᠠᠭᠰᠠᠨ
ᠴᠠᠢᠯᠭᠠᠨ ᠰᠡᠳᠬᠢᠯ ᠦ᠋ᠨ ᠳᠠᠭᠤᠯᠠᠯ ᠪᠠᠢᠵᠠᠢ ᠬᠦ
ᠴᠠᠭᠠᠨ ᠰᠦ ᠪᠡᠨ ᠬᠠᠨᠤᠲᠠᠯ᠎ᠠ ᠬᠠᠢᠷᠠᠯᠠᠭᠰᠠᠨ
ᠴᠠᠢᠯᠭᠠᠨ ᠰᠡᠳᠬᠢᠯ ᠦ᠋ᠨ ᠳᠠᠭᠤᠯᠠᠯ ᠪᠠᠢᠵᠠᠢ ᠬᠦ
ᠠᠪᠤ ᠮᠢᠨᠢ
ᠦᠭᠡ᠄ ᠯ· ᠭᠠᠸᠠᠰᠦ᠋ᠷᠦᠩ
ᠠᠶ᠎ᠠ᠄ ᠰ· ᠴᠡᠷᠡᠩᠴᠢᠮᠡᠳ
ᠬᠡᠨ ᠳ᠋ᠦ᠍ ᠴᠦ᠍ ᠨᠢᠭᠡ ᠯᠡ ᠵᠠᠩ ᠢ᠋ᠶ᠋ᠠᠷ ᠢ᠋ᠶ᠋ᠠᠨ
ᠬᠡ ᠥᠬᠡᠢ ᠭᠦᠳᠦᠰᠬᠡᠨ ᠠᠪᠤ ᠮᠢᠨᠢ
ᠳᠠᠯᠳᠠᠬᠠᠨ ᠨᠢᠭᠤᠴᠠᠬᠠᠨ ᠬᠠᠢᠷᠠᠨ ᠳ᠋ᠤ᠌ ᠪᠠᠨ
ᠲᠠᠩᠳᠠ ᠥᠯᠥᠭᠡᠢ ᠲᠡᠢ ᠥᠰᠬᠡᠯ᠎ᠡ ᠳᠡ
ᠦᠭᠡ ᠦᠭᠡᠢ ᠵᠢᠮᠡᠯᠡᠭᠰᠡᠨ ᠬᠠᠷᠠᠴᠠᠨ ᠠ᠋ᠴᠠ ᠪᠠᠨ
ᠦᠨᠡᠨ ᠦ᠌ ᠤᠬᠠᠭᠠᠷᠠᠯ ᠢ᠋ ᠠᠪᠤᠯ᠎ᠠ ᠤᠤ ᠳᠠ
ᠥᠪᠡᠷ ᠦ᠋ᠨ ᠢ᠋ᠶ᠋ᠡᠨ ᠬᠠᠢᠷᠠᠨ ᠳ᠋ᠤ᠌ ᠥᠯᠥᠭᠡᠢᠳᠡᠭᠡᠳ
ᠥᠲᠡᠯᠬᠦ ᠳ᠋ᠦ᠍ ᠨᠢ ᠵᠢᠷᠭᠠᠭᠠᠵᠤ ᠴᠢᠳᠠᠯ᠎ᠠ ᠤᠤ ᠳᠠ ᠬᠦ
ᠮᠢᠨᠦ ᠡᠵᠢ
ᠦᠭᠡ᠄ ᠢᠰᠢᠭᠡᠨᠭᠦᠦ
ᠠᠶ᠎ᠠ᠄ ᠶ· ᠨᠢᠮᠠᠰᠠᠢᠬᠠᠨ
ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠠᠯᠲᠠᠨ ᠳᠡᠯᠡᠬᠡᠢ ᠳ᠋ᠦ᠍ ᠦᠷ᠎ᠡ ᠶ᠋ᠢᠨ ᠪᠦᠪᠡᠢ ᠲᠡᠢ ᠬᠠᠮᠲᠤ ᠵᠠᠶᠠᠭᠠᠭᠰᠠᠨ
ᠠᠩᠭᠢᠷ ᠤᠭᠤᠷᠠᠭ ᠢ᠋ᠶ᠋ᠠᠨ ᠰᠢᠮᠡᠭᠦᠯᠦᠨ ᠥᠰᠬᠡᠬᠦ ᠪᠤᠶᠠᠨ ᠲᠠᠢ ᠲᠥᠷᠥᠭᠰᠡᠨ
ᠠᠲᠠᠷ ᠬᠡᠭᠡᠷ᠎ᠡ ᠶ᠋ᠢᠨ ᠠᠩᠬᠢᠯᠤᠮ᠎ᠠ ᠴᠡᠴᠡᠭ ᠦ᠋ᠨ ᠦᠨᠦᠷ ᠰᠢᠩᠭᠡᠭᠡᠭᠰᠡᠨ
ᠠᠯᠢᠶ᠎ᠠ ᠬᠥᠭᠡᠷᠦᠬᠦᠨ ᠦᠷ᠎ᠡ ᠶ᠋ᠢᠨ ᠢ᠋ᠶ᠋ᠡᠨ ᠳᠠᠭᠤᠨ ᠳ᠋ᠤ᠌ ᠰᠡᠳᠬᠢᠯ ᠪᠠᠶᠠᠰᠤᠭᠰᠠᠨ
ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠤᠬᠠᠭᠠᠷᠠᠵᠤ ᠠᠮᠢᠳᠤᠷᠠᠬᠤ ᠬᠣᠷᠸ᠎ᠠ
ᠦᠭᠡ· ᠯ· ᠳᠠᠸᠠᠳᠣᠷᠵᠢ
ᠠᠶ᠎ᠠ᠄ ᠯ· ᠳ᠋ᠠᠰᠢᠨᠢᠮ᠎ᠠ
ᠪᠠᠭᠤᠵᠤ ᠮᠣᠷᠳᠠᠬᠤ ᠳ᠋ᠠᠭᠠᠨ ᠪᠤᠭᠤᠷᠤᠯ ᠠᠪᠤ ᠮᠢᠨᠢ
ᠢᠨᠢᠶᠡᠵᠦ ᠶᠠᠪᠤᠳᠠᠭ ᠤ᠋ᠨ ᠤᠴᠢᠷ ᠢ᠋ ᠬᠡᠯᠡᠶ᠎ᠡ ᠳᠡ
ᠳᠠᠭᠤᠯᠠᠵᠤ ᠰᠠᠭᠤᠬᠤ ᠳ᠋ᠠᠭᠠᠨ ᠪᠤᠶᠠᠨ ᠲᠠᠢ ᠡᠵᠢ ᠮᠢᠨᠢ
ᠤᠬᠢᠯᠠᠵᠤ ᠪᠠᠢᠳᠠᠭ ᠤ᠋ᠨ ᠤᠬᠠᠭᠠᠨ ᠢ᠋ ᠣᠯᠤᠶ᠎ᠠ ᠳᠠ
ᠤᠬᠠᠭᠠᠷᠠᠵᠤ ᠠᠮᠢᠳᠤᠷᠠᠬᠤ ᠬᠣᠷᠸ᠎ᠠ ᠭᠡᠳ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳᠡ
ᠤᠬᠠᠭᠠᠷᠠᠵᠤ ᠠᠮᠢᠳᠤᠷᠠᠬᠤ ᠬᠣᠷᠸ᠎ᠠ ᠭᠡᠳ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳᠡ
ᠠᠢ ᠳᠠ· ᠬᠥᠮᠦᠰ ᠮᠢᠨᠢ ᠠᠮᠢᠳᠤᠷᠠᠬᠤ ᠰᠠᠢᠬᠠᠨ
ᠦᠭᠡ ᠨ· ᠴᠢᠯᠠᠭᠤᠨᠬᠦᠦ
ᠠᠶ᠎ᠠ᠄ ᠪᠡ᠊· ᠳ᠋ᠠᠰᠢᠵᠡᠸᠠᠩ
ᠬᠥᠮᠦᠨ ᠪᠠᠢᠭᠠᠯᠢ ᠬᠣᠶᠠᠷ ᠢᠵᠢᠯᠢᠰᠢᠭᠡᠳ
ᠬᠣᠷᠸ᠎ᠠ ᠶ᠋ᠢᠨ ᠠᠮᠢᠳᠤᠷᠠᠯ ᠵᠢᠭᠳᠡᠷᠡᠭᠡᠳ ᠢᠷᠡᠯ᠎ᠡ
ᠢᠵᠢᠯᠢᠰᠢᠭᠡᠳ ᠠᠯᠬᠤᠭᠠᠷᠠᠢ ᠬᠥᠮᠦᠨ ᠠᠷᠠᠳ ᠮᠢᠨᠢ
ᠡᠨᠡ ᠯᠡ ᠬᠣᠷᠸ᠎ᠠ ᠳ᠋ᠤ᠌ ᠪᠠᠨ ᠬᠠᠮᠲᠤ ᠳ᠋ᠠᠭᠠᠨ ᠪᠠᠢᠶ᠎ᠠ ᠯᠠ ᠳᠠ
ᠠᠢ ᠳᠠ· ᠬᠥᠮᠦᠰ ᠮᠢᠨᠢ ᠠᠮᠢᠳᠤᠷᠠᠬᠤ ᠰᠠᠢᠬᠠᠨ
ᠠᠮᠢᠳᠤ ᠶ᠋ᠢᠨ ᠬᠣᠷᠸ᠎ᠠ ᠳ᠋ᠤ᠌ ᠪᠠᠨ ᠬᠠᠮᠲᠤ ᠳ᠋ᠠᠭᠠᠨ ᠪᠠᠢᠶ᠎ᠠ ᠯᠠ ᠳ᠋ᠤ᠌
ᠠᠢ ᠳᠠ· ᠬᠥᠮᠦᠰ ᠮᠢᠨᠢ ᠠᠮᠢᠳᠤᠷᠠᠬᠤ ᠰᠠᠢᠬᠠᠨ
ᠠᠮᠢᠳᠤ ᠶ᠋ᠢᠨ ᠬᠣᠷᠸ᠎ᠠ ᠳ᠋ᠤ᠌ ᠡᠨᠡ ᠯᠡ ᠦᠨᠡᠨ ᠰᠢᠦ
ᠠ ᠠ ᠠ᠁ ᠠ ᠠ ᠠ
ᠠᠭᠤᠵᠢᠮᠬᠠᠨ ᠬᠣᠷᠸ᠎ᠠ ᠳᠡᠭᠡᠷ᠎ᠡ
ᠤᠬᠠᠭᠠᠨᠲᠠᠢᠬᠠᠨ ᠠᠮᠢᠳᠤᠷᠠᠵᠠᠭᠠᠶ᠎ᠠ ᠳᠠ
ᠠᠭᠤᠵᠢᠮᠬᠠᠨ ᠬᠣᠷᠸ᠎ᠠ ᠳᠡᠭᠡᠷ᠎ᠡ
ᠤᠬᠠᠭᠠᠨᠲᠠᠢᠬᠠᠨ ᠠᠮᠢᠳᠤᠷᠠᠵᠠᠭᠠᠶ᠎ᠠ ᠳᠠ
ᠦᠰᠦᠭ ᠠᠮᠢᠯᠠᠭᠤᠯᠤᠭᠴᠢ᠄ ᠪᠦᠷᠢᠨᠵᠢᠷᠭᠠᠯ
ᠦᠰᠦᠭ ᠬᠠᠲᠠᠭᠴᠢ᠄ ᠪᠦᠷᠢᠨᠵᠢᠷᠭᠠᠯ
ᠬᠢᠨᠠᠭᠴᠢ᠄ ᠡᠷᠳᠡᠨᠢᠪᠢᠯᠢᠭ· ᠣᠳᠬᠤᠩᠬᠤᠸᠠᠷ
