ᠰᠢᠢᠳᠬᠡᠯShiitgelШийтгэл
ᠰᠢᠢᠳᠬᠡᠯ
ᠪᠣᠯᠣᠳ ᠬᠦᠦ ᠰᠤᠷᠭᠠᠭᠤᠯᠢ ᠠ᠋ᠴᠠ ᠬᠠᠷᠢᠵᠤ ᠢᠷᠡᠩᠭᠦᠲᠡ《ᠡᠭᠡᠴᠢ ᠠ᠋ ᠪᠢ ᠭᠠᠳᠠᠨ᠎ᠠ ᠭᠠᠷᠴᠤ ᠨᠠᠭᠠᠳᠤᠶ᠎ᠠ ᠪᠣᠯᠤᠨ᠎ᠠ ᠤᠤ? ᠪᠠᠢᠰᠬᠢᠭᠡᠳ ᠳᠠᠰᠬᠠᠯ ᠢ᠋ᠶ᠋ᠠᠨ ᠬᠢᠶ᠎ᠡ》 ᠭᠡᠰᠡᠨ ᠳ᠋ᠦ᠍ ᠡᠭᠡᠴᠢ ᠨᠢ《ᠥᠨᠥᠳᠥᠷ ᠦ᠋ᠨ ᠬᠢᠴᠢᠶᠡᠯ ᠢ᠋ᠶ᠋ᠡᠨ ᠬᠢᠷᠢ ᠵᠡᠷᠭᠡ ᠰᠣᠨᠣᠰᠤᠭᠰᠠᠨ ᠢ᠋ ᠴᠢᠨᠢ ᠦᠵᠡᠵᠦ ᠪᠠᠢᠭᠠᠳ ᠪᠣᠯᠤᠨ᠎ᠠ》 ᠭᠡᠪᠡ᠃ ᠪᠣᠯᠣᠳ ᠲᠣᠯᠣᠭᠠᠢ ᠪᠠᠨ ᠢᠯᠢᠰᠬᠢᠭᠡᠳ《ᠦ ᠠᠩᠬᠠᠷᠤᠯ ᠲᠠᠢ᠁ ᠶᠣᠰᠣᠲᠠᠢ ᠠᠩᠬᠠᠷᠤᠯ ᠲᠠᠢ ᠰᠣᠨᠣᠰᠤᠭᠰᠠᠨ》 ᠭᠡᠪᠡ᠃《ᠰᠠᠢᠨ ᠪᠠᠢᠨ᠎ᠠ᠂ ᠳᠠᠰᠬᠠᠯ ᠤ᠋ᠨ ᠳᠡᠪᠲᠡᠷ ᠢ᠋ᠶ᠋ᠡᠨ ᠠᠪᠤᠭᠠᠳ ᠢᠷ᠎ᠡ᠂ ᠮᠢᠨᠦ ᠳᠡᠭᠦᠦ》 ᠭᠡᠵᠦ ᠡᠭᠡᠴᠢ ᠨᠢ ᠬᠡᠯᠡᠪᠡ᠃ ᠪᠣᠯᠣᠳ ᠳᠠᠰᠬᠠᠯ ᠤ᠋ᠨ ᠳᠡᠪᠲᠡᠷ ᠢ᠋ᠶ᠋ᠡᠨ ᠠᠪᠴᠢᠷᠠᠵᠤ ᠥᠭᠬᠦ ᠳ᠋ᠡᠭᠡᠨ ᠬᠡᠩ《ᠡᠭᠡᠴᠢ ᠮᠢᠨᠦ ᠠᠩᠬᠠᠷᠤᠯ ᠲᠠᠢ ᠰᠣᠨᠣᠰᠤᠭᠰᠠᠨ ᠡᠰᠡᠬᠦ ᠶ᠋ᠢ ᠳᠠᠰᠬᠠᠯ ᠤ᠋ᠨ ᠳᠡᠪᠲᠡᠷ ᠡᠴᠡ ᠶᠠᠭᠠᠬᠢᠵᠤ ᠮᠡᠳᠡᠬᠦ ᠶᠦᠮ ᠪᠣᠢ?》 ᠭᠡᠵᠦ ᠪᠣᠳᠣᠵᠤ ᠪᠠᠢᠯ᠎ᠠ᠃ ᠡᠭᠡᠴᠢ ᠨᠢ ᠳᠠᠰᠬᠠᠯ ᠢ᠋ ᠨᠢ ᠦᠵᠡᠵᠦ ᠪᠠᠢᠭᠰᠠᠨ ᠢ᠋ᠶ᠋ᠠᠨ ᠬᠥᠮᠥᠰᠬᠡ ᠪᠡᠨ ᠵᠠᠩᠭᠢᠳᠪᠠ᠂ ᠲᠡᠭᠡᠭᠰᠡᠨ ᠢ᠋ᠶ᠋ᠡᠨ ᠪᠣᠯᠣᠳ ᠲᠤ᠌᠄《ᠴᠢ ᠶᠠᠭᠠᠬᠢᠭᠠᠳ ᠬᠤᠳᠠᠯ ᠬᠡᠯᠡᠵᠦ ᠪᠠᠢᠬᠤ ᠪᠣᠢ?》 ᠭᠡᠪᠡ᠃《ᠪᠢ ᠬᠤᠳᠠᠯ ᠬᠡᠯᠡᠭᠡ ᠦᠭᠡᠢ᠃》 ᠡᠭᠡᠴᠢ ᠨᠢ ᠬᠡᠯᠡ ᠪᠢᠴᠢᠭ ᠦ᠋ᠨ ᠳᠠᠰᠬᠠᠯ ᠢ᠋ ᠨᠢ ᠦᠵᠡᠭᠦᠯᠦᠭᠰᠡᠨ ᠳ᠋ᠦ᠍᠄《ᠦᠬᠡᠷ ᠮᠥᠷᠥᠭᠡᠳᠳᠡᠭ᠂ ᠠᠳᠤᠭᠤ ᠢᠨᠴᠠᠭᠯᠠᠳᠠᠭ᠂ ᠲᠡᠮᠡᠭᠡ ᠤᠬᠢᠯᠠᠳᠠᠭ》 ᠭᠡᠵᠦ ᠪᠢᠴᠢᠭᠰᠡᠨ ᠢ᠋ ᠣᠯᠵᠤ ᠬᠠᠷᠠᠪᠠ᠃ 《ᠴᠢ ᠬᠡᠷᠪᠡ ᠠᠩᠬᠠᠷᠤᠯ ᠲᠠᠢ ᠰᠣᠨᠣᠰᠤᠭᠰᠠᠨ ᠪᠣᠯ ᠦᠬᠡᠷ ᠮᠥᠭᠡᠷᠡᠳᠡᠭ᠂ ᠠᠳᠤᠭᠤ ᠢᠨᠴᠠᠭᠠᠳᠠᠭ᠂ ᠲᠡᠮᠡᠭᠡ ᠪᠣᠢᠯᠠᠳᠠᠭ ᠭᠡᠵᠦ ᠪᠢᠴᠢᠭᠰᠡᠨ ᠪᠠᠢᠭᠰᠠᠨ᠂ ᠭᠠᠳᠠᠨ᠎ᠠ ᠭᠠᠷᠴᠤ ᠨᠠᠭᠠᠳᠬᠤ ᠶ᠋ᠢ ᠴᠢᠨᠢ ᠵᠥᠪᠰᠢᠶᠡᠷᠡᠬᠦ ᠦᠭᠡᠢ᠂ ᠲᠡᠰᠢᠶ᠎ᠡ ᠪᠢᠴᠢᠭᠰᠡᠨ ᠢ᠋ᠶ᠋ᠡᠨ ᠵᠠᠰᠠᠵᠤ ᠳᠠᠬᠢᠵᠤ ᠰᠠᠢᠬᠠᠨ ᠬᠠᠭᠤᠯᠵᠤ ᠪᠠᠴᠢ! ᠴᠢ ᠥᠪᠡᠷ ᠢ᠋ᠶ᠋ᠡᠨ ᠥᠪᠡᠷ ᠦ᠋ᠨ ᠪᠡᠶ᠎ᠡ ᠪᠡᠨ ᠰᠢᠢᠳᠬᠡᠵᠦ ᠪᠠᠢᠭ᠎ᠠ ᠪᠠᠨ ᠣᠢᠯᠠᠭᠠᠵᠤ ᠪᠠᠢᠨ᠎ᠠ ᠤᠤ?》 ᠭᠡᠯᠡ᠃
ᠪᠣᠯᠣᠳ ᠦᠭᠡ ᠳᠠᠭᠤ ᠦᠭᠡᠢ ᠲᠣᠯᠣᠭᠠᠢ ᠪᠠᠨ ᠮᠠᠭᠠᠵᠢᠵᠤ ᠵᠣᠭᠰᠣᠬᠤ ᠳ᠋ᠤ᠌ ᠴᠢᠬᠢᠨ ᠦ᠌ ᠣᠮᠣᠭ ᠨᠢ ᠲᠣᠳᠣ ᠠ᠋ᠴᠠ ᠲᠣᠳᠣ ᠤᠯᠠᠢᠪᠠ ᠭᠡᠨ᠎ᠡ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
