ᠪᠤᠷᠬᠠᠨ ᠤ᠋ ᠢᠪᠡᠭᠡᠯ ᠲᠡᠢ ᠮᠥᠮᠥ ᠮᠢᠨᠢ -ᠰᠠᠷᠠᠨᠭᠡᠷᠡᠯБурхны ивгээлтэй мөөм минь-Сарангэрэл
ᠪᠤᠷᠬᠠᠨ ᠤ᠋ ᠢᠪᠡᠭᠡᠯ ᠲᠡᠢ ᠮᠥᠮᠥ ᠮᠢᠨᠢ
ᠦᠭᠡ᠄ ᠮᠠᠩᠭᠤᠳ᠂ ᠥᠯᠵᠡᠢ
ᠠᠶ᠎ᠠ᠄ ᠷᠢᠸᠠᠳᠢ
ᠳᠠᠭᠤᠴᠢᠨ᠄ ᠰᠠᠷᠠᠨᠭᠡᠷᠡᠯ
ᠠᠪᠳᠠᠷ᠎ᠠ ᠳ᠋ᠤ᠌ ᠪᠠᠨ ᠬᠠᠳᠠᠭᠠᠯᠠᠭᠰᠠᠨ ᠮᠥᠰᠥᠨ ᠰᠢᠬᠢᠷ ᠦ᠋ᠨ ᠴᠢᠨᠢ
ᠰᠠᠢᠬᠠᠨ ᠠᠮᠲᠠ ᠨᠢ ᠰᠠᠨᠠᠭᠳᠠᠭᠠᠳ ᠪᠠᠢᠬᠤ ᠶᠤᠮ ᠠ᠋
ᠰᠦᠨ ᠦᠨᠦᠷ ᠰᠢᠩᠭᠡᠭᠰᠡᠨ ᠳᠤᠯᠠᠭᠠᠨ ᠡᠩᠭᠡᠷ ᠢ᠋ ᠴᠢᠨᠢ
ᠦᠭᠡᠢᠯᠡᠨ ᠦᠭᠡᠢᠯᠡᠭᠡᠳ ᠪᠠᠢᠨ᠎ᠠ ᠮᠥᠮᠥ ᠮᠢᠨᠢ ᠳᠡ
ᠵᠡᠭᠦᠳᠦᠨ ᠳ᠋ᠦ᠍ ᠡᠭᠡᠰᠢᠭᠯᠡᠭᠰᠡᠨ ᠪᠦᠪᠡᠢ ᠶ᠋ᠢᠨ ᠳᠠᠭᠤᠤ ᠴᠢᠨᠢ
ᠰᠡᠳᠬᠢᠯ ᠵᠢᠷᠦᠬᠡᠨ ᠳ᠋ᠦ᠍ ᠮᠢᠨᠢ ᠬᠣᠨᠣᠭᠰᠢᠭᠠᠳ ᠪᠠᠢᠬᠤ ᠶᠤᠮ ᠠ᠋
ᠰᠠᠷᠠᠨ ᠢ᠋ᠶ᠋ᠠᠨ ᠲᠡᠷᠭᠡᠯᠰᠢᠭᠦᠯᠦᠭᠰᠡᠨ ᠲᠠᠷᠭᠤᠨ ᠨᠠᠭᠤᠷ ᠴᠢᠨᠢ
ᠲᠠᠲᠠᠷᠠᠨ ᠲᠠᠲᠠᠷᠠᠭᠠᠳ ᠪᠠᠢᠨ᠎ᠠ ᠮᠥᠮᠥ ᠮᠢᠨᠢ ᠳᠡ
ᠠᠵᠠ ᠶ᠋ᠢᠨ ᠲᠡᠭᠷᠢ ᠠᠮᠢᠳᠤ ᠪᠤᠷᠬᠠᠨ ᠮᠢᠨᠢ
ᠠᠯᠠᠭᠬᠠᠨ ᠬᠥᠳᠡᠭᠡ ᠳ᠋ᠦ᠍ ᠪᠡᠨ ᠬᠣᠷᠭᠣᠳᠠᠭᠠᠳ ᠪᠠᠢᠬᠤ ᠶᠤᠮ ᠠ᠋
ᠨᠤᠲᠤᠭ ᠢ᠋ᠶ᠋ᠠᠨ ᠮᠠᠨᠠᠭᠰᠠᠨ ᠪᠥᠭᠲᠥᠷ ᠱᠠᠩᠰᠢ
ᠱᠤᠤᠭᠢᠨ ᠱᠤᠤᠭᠢᠨ ᠭᠠᠩᠬᠤᠭᠠᠳ ᠪᠠᠢᠬᠤ ᠶᠤᠮ ᠠ᠋
ᠠᠮᠢᠳᠤᠷᠠᠯ ᠲᠡᠭᠡᠭᠡᠭᠰᠡᠨ ᠨᠣᠶᠠᠨ ᠨᠢᠷᠤᠭᠤ ᠴᠢᠨᠢ
ᠠᠯᠤᠰ ᠤ᠋ᠨ ᠬᠣᠯᠠ ᠠ᠋ᠴᠠ ᠬᠠᠷᠠᠭᠳᠠᠭᠠᠳ ᠪᠠᠢᠨ᠎ᠠ ᠮᠥᠮᠥ ᠮᠢᠨᠢ ᠳᠡ ᠠ᠋
ᠪᠤᠷᠬᠠᠨ ᠤ᠋ ᠢᠪᠡᠭᠡᠯ ᠲᠡᠢ ᠠᠷᠢᠭᠤᠨ ᠰᠡᠳᠬᠢᠯ ᠴᠢᠨᠢ
ᠪᠣᠳᠣᠯ ᠤᠬᠠᠭᠠᠨ ᠳ᠋ᠤ᠌ ᠮᠢᠨᠢ ᠬᠣᠷᠭᠣᠳᠠᠭᠠᠳ ᠪᠠᠢᠬᠤ ᠶᠤᠮ ᠠ᠋
ᠬᠦᠢᠰᠦ ᠬᠣᠯᠪᠣᠭᠠᠲᠠᠢ ᠠᠮᠢᠨ ᠦᠷ᠎ᠡ ᠴᠢᠨᠢ
ᠬᠣᠨᠣᠭ ᠲᠣᠭᠠᠯᠠᠨ ᠬᠦᠯᠢᠶᠡᠭᠡᠳ ᠪᠠᠢᠨ᠎ᠠ ᠮᠥᠮᠥ ᠮᠢᠨᠢ ᠳᠡ
ᠠᠵᠠ ᠶ᠋ᠢᠨ ᠲᠡᠭᠷᠢ ᠠᠮᠢᠳᠤ ᠪᠤᠷᠬᠠᠨ ᠮᠢᠨᠢ
ᠠᠯᠠᠭᠬᠠᠨ ᠬᠥᠳᠡᠭᠡ ᠳ᠋ᠦ᠍ ᠪᠡᠨ ᠬᠣᠷᠭᠣᠳᠠᠭᠠᠳ ᠪᠠᠢᠬᠤ ᠶᠤᠮ ᠠ᠋
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠦᠰᠦᠭ ᠬᠢᠨᠠᠭᠴᠢ᠄ ᠰᠡᠴᠡᠨ
