ᠠᠮᠢᠳᠤᠷᠠᠯ- ᠰ ᠰᠡᠷᠴᠢᠮ᠎ᠠAmidral-S SerchmaaАмьдрал-С Сэрчмаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠳᠤᠷᠠᠯ- ᠰ ᠰᠡᠷᠴᠢᠮ᠎ᠠAmidral-S SerchmaaАмьдрал-С Сэрчмаа

ᠠᠮᠢᠳᠤᠷᠠᠯ- ᠰ ᠰᠡᠷᠴᠢᠮ᠎ᠠAmidral-S SerchmaaАмьдрал-С Сэрчмаа

ᠠᠩᠭᠢᠯᠠᠯ:ᠳᠠᠭᠤᠤ ᠬᠥᠭᠵᠢᠮ
2026-05-08

74

ᠠᠮᠢᠳᠤᠷᠠᠯ


    ᠳᠠᠭᠤᠴᠢᠨ᠄ ᠰ• ᠰᠡᠷᠴᠢᠮ᠎ᠠ    

ᠬᠦᠦ ᠨᠢ ᠡᠵᠢ ᠳ᠋ᠡᠭᠡᠨ ᠡᠷᠬᠡᠯᠡᠭᠰᠡᠨ   
ᠬᠦᠰᠡᠭᠡᠳ ᠢᠷᠡᠬᠦ ᠦᠭᠡᠢ ᠲᠠᠪᠢᠯᠠᠩ ᠮᠢᠨᠢ   
ᠬᠥᠮᠦᠨ ᠦ᠌ ᠳᠡᠢᠲᠡᠢ ᠶᠠᠪᠤᠬᠤ ᠰᠠᠨ ᠭᠡᠳ  
ᠬᠦᠯᠦᠭ ᠦ᠋ᠨ ᠵᠢᠯᠣᠭᠣ ᠪᠠᠨ ᠲᠠᠲᠠᠭᠰᠠᠨ ᠦᠭᠡᠢ᠃  
ᠠᠢ ᠠᠮᠢᠳᠤᠷᠠᠯ ᠮᠢᠨᠢ ᠠ᠋ ᠴᠢ  
ᠠᠶᠠᠯᠭᠤᠲᠤ ᠳᠠᠭᠤᠤ ᠬᠤᠭᠤᠷ ᠮᠢᠨᠢ  
ᠦᠨᠡᠨ ᠲᠡᠢ ᠬᠤᠳᠠᠯ ᠲᠠᠢ ᠣᠷᠴᠢᠯᠠᠩ ᠢ᠋ ᠦᠭᠡᠢᠯᠡᠬᠦ ᠶᠦᠮ᠃  

ᠲᠤᠤᠯᠢᠮ᠎ᠠ ᠠ᠋ᠴᠠ ᠣᠯᠳᠠᠭᠰᠠᠨ ᠲᠠᠪᠢᠯᠠᠩ ᠮᠢᠨᠢ
ᠳᠠᠭᠤᠯᠠᠭᠠᠳ ᠤᠶᠠᠷᠠᠭᠠᠳ ᠤᠬᠠᠭᠠᠵᠢᠭᠰᠠᠨ
ᠳᠤᠮᠳᠠᠭᠤᠷ ᠵᠢᠷᠭᠠᠯ ᠢ᠋ ᠳᠦᠭᠦᠷᠭᠡᠬᠦ ᠭᠡᠳ
ᠲᠥᠭᠡᠷᠢᠵᠦ ᠯᠡ ᠶᠠᠪᠤᠭ᠎ᠠ ᠵᠠᠶᠠᠭ᠎ᠠ ᠮᠢᠨᠢ᠃
ᠠᠢ ᠠᠮᠢᠳᠤᠷᠠᠯ ᠮᠢᠨᠢ ᠠ᠋ ᠴᠢ
ᠠᠶᠠᠯᠭᠤᠲᠤ ᠳᠠᠭᠤᠤ ᠬᠤᠭᠤᠷ ᠮᠢᠨᠢ
ᠬᠠᠲᠠᠭᠤ ᠲᠠᠢ ᠵᠥᠭᠡᠯᠡᠨ ᠲᠡᠢ ᠬᠣᠷᠸ᠎ᠠ ᠶ᠋ᠢ ᠠᠷᠭᠠᠳᠠᠬᠤ ᠶᠤᠮ᠃

ᠨᠠᠷᠠᠨ ᠳᠡᠯᠡᠬᠡᠢ ᠶ᠋ᠢ ᠭᠡᠢᠭᠦᠯᠦᠭᠰᠡᠨ
ᠨᠠᠮ᠎ᠠ ᠶ᠋ᠢ ᠲᠣᠭᠣᠷᠢᠭᠰᠠᠨ ᠠᠮᠢᠳᠤᠷᠠᠯ ᠮᠢᠨᠢ
ᠨᠠᠰᠤᠨ ᠵᠠᠯᠠᠭᠤᠬᠠᠨ ᠮᠥᠷᠥᠭᠡᠳᠦᠯ ᠳ᠋ᠦ᠍ ᠮᠢᠨᠢ
ᠵᠢᠭᠦᠷ ᠨᠡᠮᠡᠭᠰᠡᠨ ᠠᠮᠢᠳᠤᠷᠠᠯ ᠮᠢᠨᠢ᠃
ᠠᠢ ᠠᠮᠢᠳᠤᠷᠠᠯ ᠮᠢᠨᠢ ᠠ᠋ ᠴᠢ
ᠠᠶᠠᠯᠭᠤᠲᠤ ᠳᠠᠭᠤᠤ ᠬᠤᠭᠤᠷ ᠮᠢᠨᠢ
ᠠᠯᠳᠠᠭ᠎ᠠ ᠲᠠᠢ ᠤᠨᠤᠭ᠎ᠠ ᠲᠠᠢ ᠠᠮᠢᠳᠤᠷᠠᠯ ᠤ᠋ᠨ ᠵᠠᠮ ᠮᠢᠨᠢ ᠲᠧ᠃

ᠠᠯᠳᠠᠭ᠎ᠠ ᠲᠠᠢ ᠤᠨᠤᠭ᠎ᠠ ᠲᠠᠢ ᠠᠮᠢᠳᠤᠷᠠᠯ ᠤ᠋ᠨ ᠮᠢᠨᠢ ᠬᠦᠪᠦᠷᠡᠭᠰᠡᠨ
ᠠᠯᠳᠠᠭ᠎ᠠ ᠲᠠᠢ ᠤᠨᠤᠭ᠎ᠠ ᠲᠠᠢ ᠠᠮᠢᠳᠤᠷᠠᠯ ᠤ᠋ᠨ ᠮᠢᠨᠢ ᠬᠦᠪᠦᠷᠡᠭᠰᠡᠨ᠃

    ᠦᠰᠦᠭ ᠠᠮᠢᠯᠠᠭᠤᠯᠤᠭᠴᠢ᠄ ᠤᠤᠭᠠᠨᠵᠢᠳ
    ᠬᠢᠨᠠᠭᠴᠢ᠄ ᠮᠡᠷᠭᠡᠨᠪᠢᠯᠢᠭ