ᠬᠠᠭᠤᠷᠲᠠᠭᠰᠠᠨ ᠴᠢᠨᠣ᠎ᠠ -ᠳᠣᠮᠣᠭ ᠦᠯᠢᠭᠡᠷ Khuurdsan chonoХуурдсан чоно-Домог үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠭᠤᠷᠲᠠᠭᠰᠠᠨ ᠴᠢᠨᠣ᠎ᠠ -ᠳᠣᠮᠣᠭ ᠦᠯᠢᠭᠡᠷ Khuurdsan chonoХуурдсан чоно-Домог үлгэр

ᠬᠠᠭᠤᠷᠲᠠᠭᠰᠠᠨ ᠴᠢᠨᠣ᠎ᠠ -ᠳᠣᠮᠣᠭ ᠦᠯᠢᠭᠡᠷ Khuurdsan chonoХуурдсан чоно-Домог үлгэр

ᠠᠩᠭᠢᠯᠠᠯ:ᠳᠣᠮᠣᠭ ᠦᠯᠢᠭᠡᠷ
2026-05-07

90

ᠬᠠᠭᠤᠷᠲᠠᠭᠰᠠᠨ ᠴᠢᠨᠣ᠎ᠠ


              ᠳᠣᠮᠣᠭ ᠦᠯᠢᠭᠡᠷ 

     ᠡᠷᠲᠡ ᠤᠷᠢᠳᠤ ᠶ᠋ᠢᠨ ᠴᠠᠭ ᠲᠤ᠌ ᠨᠢᠭᠡᠨ ᠤᠳᠠᠭ᠎ᠠ ᠪᠢᠴᠢᠬᠠᠨ ᠬᠦᠦ ᠨᠢ ᠤᠬᠢᠯᠠᠭᠠᠳ ᠬᠥᠮᠦᠨ ᠠᠮᠢᠲᠠᠨ ᠢ᠋ ᠤᠨᠲᠠᠭᠤᠯᠬᠤ ᠦᠭᠡᠢ ᠪᠠᠢᠭᠰᠠᠨ ᠳ᠋ᠤ᠌᠂ ᠡᠬᠡ ᠨᠢ ᠶᠡᠬᠡᠳᠡ ᠠᠭᠤᠷᠲᠠᠢ ᠪᠠᠷ ᠬᠦᠦ ᠪᠡᠨ ᠬᠡᠷᠪᠡ ᠴᠢ ᠤᠬᠢᠯᠠᠬᠤ ᠪᠠᠨ ᠪᠣᠯᠢᠬᠤ ᠦᠭᠡᠢ ᠶᠦᠮ ᠪᠣᠯ ᠴᠢᠮᠠᠢ ᠶ᠋ᠢ ᠴᠢᠨᠣ᠎ᠠ ᠳ᠋ᠤ᠌ ᠥᠭᠭᠦᠨ᠎ᠡ ᠰᠢᠦ ᠭᠡᠵᠦ ᠬᠡᠯᠡᠵᠡᠢ᠃ ᠶᠠᠭ ᠡᠨᠡ ᠦᠶ᠎ᠡ ᠳ᠋ᠦ᠍ ᠭᠡᠷ ᠦ᠋ᠨ ᠬᠢᠨᠢ ᠭᠠᠳᠠᠭᠤᠷ ᠨᠢᠭᠡ ᠴᠢᠨᠣ᠎ᠠ ᠭᠦᠶᠦᠵᠦ ᠪᠠᠢᠭᠠᠳ᠂ ᠡᠮᠡᠭᠲᠡᠢ ᠶ᠋ᠢᠨ ᠦᠭᠡ ᠶ᠋ᠢ ᠰᠣᠨᠣᠰᠴᠤ ᠭᠡᠨ᠎ᠡ᠂ ᠲᠡᠭᠡᠭᠡᠳ ᠥᠷᠯᠥᠭᠡ ᠪᠣᠯᠲᠠᠯ᠎ᠠ ᠭᠡᠷ ᠦ᠋ᠨ ᠬᠢᠨᠢ ᠭᠠᠳᠠᠨ᠎ᠠ ᠬᠦᠯᠢᠶᠡᠨ ᠰᠠᠭᠤᠵᠠᠢ᠃ ᠭᠡᠲᠡᠯ᠎ᠡ ᠦᠷ ᠴᠠᠢᠬᠤ ᠶ᠋ᠢᠨ ᠦᠶ᠎ᠡ ᠳ᠋ᠦ᠍ ᠡᠵᠢ ᠨᠢ ᠬᠡᠦᠬᠡᠳ ᠢ᠋ᠶ᠋ᠡᠨ ᠪᠦᠪᠡᠢᠯᠡᠵᠦ᠂ ᠡᠵᠢ ᠨᠢ ᠴᠢᠮᠠᠢ ᠪᠠᠨ ᠶᠠᠮᠠᠷ ᠴᠢᠨᠣ᠎ᠠ ᠳ᠋ᠤ᠌ ᠥᠭᠬᠦ ᠦᠭᠡᠢ᠂ ᠮᠢᠨᠦ ᠬᠦᠦ ᠪᠤᠤ ᠠᠶᠤ᠂ ᠬᠡᠷᠪᠡ ᠴᠢᠨᠣ᠎ᠠ ᠢᠷᠡᠪᠡᠯ ᠡᠵᠢ ᠨᠢ ᠴᠢᠯᠠᠭᠤ ᠪᠠᠷ ᠴᠣᠬᠢᠭᠠᠳ ᠶᠠᠪᠤᠭᠤᠯᠤᠨ᠎ᠠ ᠰᠢᠦ ᠭᠡᠵᠦ ᠳᠠᠭᠤᠯᠠᠵᠤ ᠭᠡᠨ᠎ᠡ᠂ ᠡᠭᠦᠨ ᠢ᠋ ᠰᠣᠨᠣᠰᠤᠭᠠᠳ ᠴᠢᠨᠣ᠎ᠠ ᠰᠠᠶᠢ ᠯᠠ ᠬᠠᠭᠤᠷᠲᠠᠭᠰᠠᠨ ᠢ᠋ᠶ᠋ᠠᠨ ᠮᠡᠳᠡᠭᠡᠳ ᠲᠠᠯ᠎ᠠ ᠶ᠋ᠢᠨ ᠵᠦᠭ ᠳᠤᠷᠠᠲᠠᠢ ᠳᠤᠷ᠎ᠠ ᠦᠭᠡᠢ ᠱᠣᠭᠰᠢᠨ ᠣᠳᠤᠭᠰᠠᠨ ᠭᠡᠨ᠎ᠡ᠃

     ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
     ᠦᠰᠦᠭ ᠬᠠᠳᠠᠭᠴᠢ᠄ ᠪᠠᠢ᠂ ᠰᠠᠷᠠᠨ᠎ᠠ
     ᠬᠢᠨᠠᠭᠴᠢ᠄ ᠣᠳᠬᠠᠨᠰᠣ᠎ᠠ