ᠠᠮᠢᠳᠤᠷᠠᠯ ᠡᠷᠴᠢᠯᠡᠭᠰᠡᠨ ᠠᠮᠢᠳᠤᠷᠠᠯ -ᠭᠦᠩᠭᠠᠷАмьдрал эрчилсэн амьдрал- Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠳᠤᠷᠠᠯ ᠡᠷᠴᠢᠯᠡᠭᠰᠡᠨ ᠠᠮᠢᠳᠤᠷᠠᠯ -ᠭᠦᠩᠭᠠᠷАмьдрал эрчилсэн амьдрал- Гүнгар

ᠠᠮᠢᠳᠤᠷᠠᠯ ᠡᠷᠴᠢᠯᠡᠭᠰᠡᠨ ᠠᠮᠢᠳᠤᠷᠠᠯ -ᠭᠦᠩᠭᠠᠷАмьдрал эрчилсэн амьдрал- Гүнгар

2026-05-06

141

ᠠᠮᠢᠳᠤᠷᠠᠯ ᠡᠷᠴᠢᠯᠡᠭᠰᠡᠨ ᠠᠮᠢᠳᠤᠷᠠᠯ


         ᠵᠣᠬᠢᠶᠠᠭᠴᠢ᠄ ᠭᠦᠩᠭᠠᠷ 
         ᠤᠶᠠᠩᠭᠠᠯᠠᠭᠴᠢ᠄ ᠰᠡᠳᠮᠠᠨᠢ 

ᠦᠷ ᠦ᠋ᠨ ᠭᠡᠭᠡ ᠰᠤᠪᠤᠷᠠᠬᠤ ᠪᠠᠷ ᠰᠠᠴᠤᠯᠢ ᠶ᠋ᠢᠨ ᠳᠡᠭᠡᠵᠢ ᠪᠡᠨ ᠡᠷᠭᠦᠴᠢᠬᠡᠭᠰᠡᠨ 
ᠦᠷᠢᠶ᠎ᠡ ᠳᠠᠭ᠎ᠠ ᠨᠢ ᠥᠤᠷᠰᠡᠯᠳᠦᠨ ᠰᠡᠭᠦᠯ ᠢ᠋ᠶ᠋ᠡᠨ ᠢᠰᠭᠦᠴᠡᠨ ᠲᠣᠭᠯᠠᠴᠢᠬᠠᠭᠰᠠᠨ 
ᠦᠯᠢᠭᠡᠷ ᠬᠠᠭᠤᠴᠢᠯᠠᠭᠰᠠᠨ ᠪᠤᠭᠤᠷᠤᠯ ᠤ᠋ᠳ ᠨᠢ ᠬᠣᠢᠮᠣᠷ ᠳᠦᠭᠦᠷᠭᠡᠨ ᠰᠠᠭᠠᠲᠠᠴᠢᠬᠠᠭᠰᠠᠨ 
ᠦᠯᠡᠮᠵᠢ ᠶ᠋ᠢᠨ ᠪᠤᠶᠠᠨᠲᠤ ᠠᠮᠢᠳᠤᠷᠠᠯ ᠢ᠋ᠶ᠋ᠠᠨ ᠢᠷᠦᠭᠡᠯ ᠵᠥᠩᠨᠡᠯ ᠢ᠋ᠶ᠋ᠡᠷ ᠪᠡᠯᠭᠡᠳᠡᠴᠢᠬᠡᠭᠰᠡᠨ 
     ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ 
     ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠬᠣᠯᠠ ᠳ᠋ᠤ᠌ ᠤᠨᠢᠶᠠᠷᠲᠤᠬᠤ ᠲᠤᠯᠤᠭᠠᠳ ᠨᠢ ᠨᠤᠲᠤᠭ ᠢ᠋ᠶ᠋ᠠᠨ ᠰᠠᠬᠢᠨ ᠰᠡᠬᠦᠢᠴᠢᠬᠡᠭᠰᠡᠨ 
ᠬᠣᠮ ᠲᠠᠢ ᠲᠡᠮᠡᠭᠡᠨ ᠴᠦᠷᠬᠦᠬᠡ ᠨᠢ ᠴᠢᠨᠳᠠᠮᠤᠨᠢ ᠠᠴᠢᠶᠠᠯᠠᠨ ᠨᠠᠭᠠᠰᠢᠯᠠᠴᠢᠬᠠᠭᠰᠠᠨ
ᠬᠤᠪᠢᠳᠠᠵᠤ ᠰᠠᠭᠤᠭ᠎ᠠ ᠭᠣᠯᠣᠮᠲᠠ ᠳ᠋ᠤ᠌ ᠨᠢ ᠬᠣᠵᠤᠤᠯ᠎ᠠ ᠶ᠋ᠢᠨ ᠭᠠᠯ ᠴᠣᠭᠰᠢᠴᠢᠬᠠᠭᠰᠠᠨ
ᠬᠣᠲᠣᠢᠵᠤ ᠡᠯᠡᠭᠳᠡᠭᠰᠡᠨ ᠪᠣᠱᠣᠭ᠎ᠠ ᠨᠢ ᠤᠯᠪᠠᠭ᠎ᠠ ᠥᠭᠦᠯᠡᠨ ᠰᠡᠢᠮᠡᠢᠴᠢᠬᠡᠭᠰᠡᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠠᠯᠤᠰ ᠲᠤ᠌ ᠰᠦᠨᠳᠡᠷᠯᠡᠬᠦ ᠠᠭᠤᠯᠠᠰ ᠨᠢ ᠨᠣᠭᠣᠭᠠᠨ ᠬᠦᠷᠮ᠎ᠡ ᠪᠡᠨ ᠨᠥᠮᠥᠷᠴᠢᠬᠡᠭᠰᠡᠨ
ᠠᠯᠢᠶᠠᠷᠬᠠᠭ ᠵᠠᠩ ᠲᠠᠢ ᠪᠦᠰᠡᠭᠦᠢ ᠨᠢ ᠠᠭᠠᠭ ᠲᠠᠢ ᠴᠠᠢ ᠪᠠᠨ ᠠᠶᠠᠭᠠᠯᠠᠴᠢᠬᠠᠭᠰᠠᠨ
ᠠᠯᠠᠭ ᠬᠣᠶᠠᠷ ᠨᠢᠳᠦ ᠪᠡᠷ ᠢ᠋ᠶ᠋ᠡᠨ ᠠᠯᠢ ᠨᠢᠭᠡ ᠶ᠋ᠢ ᠨᠢ ᠳᠣᠬᠢᠴᠢᠬᠠᠭᠰᠠᠨ
ᠠᠯᠠᠭᠠᠨ ᠵᠢᠷᠤᠭᠠᠰᠤ ᠰᠢᠭ᠋ ᠵᠣᠳᠣᠭ ᠢ᠋ᠶ᠋ᠠᠷ ᠢ᠋ᠶ᠋ᠠᠨ ᠠᠮᠢᠨ ᠬᠠᠢᠷ᠎ᠠ ᠪᠠᠨ ᠬᠣᠯᠪᠣᠴᠢᠬᠠᠭᠰᠠᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠤᠭᠠᠯᠵᠠᠨ ᠬᠡ ᠲᠡᠢ ᠡᠭᠦᠯᠡ ᠨᠦ᠍ᠭᠦᠳ ᠦ᠋ᠨ ᠤᠰᠤᠨ ᠲᠤᠯᠤᠮ ᠨᠢ ᠨᠡᠭᠡᠭᠡᠭᠳᠡᠴᠢᠬᠡᠭᠰᠡᠨ
ᠤᠷᠤᠰᠬᠠᠯ ᠲᠤᠩᠭᠠᠯᠠᠭ ᠭᠣᠷᠣᠬ᠎ᠠ ᠨᠢ ᠭᠣᠪᠢ ᠪᠠᠨ ᠳᠠᠭᠠᠭᠠᠳ ᠤᠷᠤᠰᠴᠢᠬᠠᠭᠰᠠᠨ
ᠤᠬᠠᠭᠠᠨ ᠵᠢᠪᠬᠤᠭᠠᠯᠢᠭ ᠠᠷᠠᠳ ᠨᠢ ᠬᠥᠳᠡᠯᠮᠦᠷᠢ ᠠᠵᠢᠯ ᠳ᠋ᠤ᠌ ᠪᠠᠨ ᠶᠠᠭᠠᠷᠠᠴᠢᠬᠠᠭᠰᠠᠨ
ᠤᠨᠠᠭᠰᠠᠨ ᠡᠨᠡᠬᠦ ᠨᠤᠲᠤᠭ ᠲᠤ᠌ ᠨᠢ ᠪᠠᠶᠠᠵᠢᠯ ᠤ᠋ᠨ ᠬᠠᠷᠭᠤᠢ ᠰᠣᠯᠣᠩᠭᠠᠷᠠᠴᠢᠬᠠᠭᠰᠠᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠤᠰᠤᠨ ᠵᠢᠷᠣᠭ᠎ᠠ ᠬᠦᠯᠦᠭ ᠦ᠋ᠳ ᠨᠢ ᠭᠣᠪᠢᠯ ᠲᠡᠳᠡᠨ ᠰᠣᠷᠲᠣᠭᠣᠯᠠᠴᠢᠬᠠᠭᠰᠠᠨ
ᠤᠨᠠᠭᠠᠨ ᠪᠠᠭ᠎ᠠ ᠶ᠋ᠢᠨ ᠨᠠᠢᠵᠠ ᠤ᠋ᠳ ᠨᠢ ᠥᠩᠭᠡ ᠥᠩᠭᠡ ᠪᠡᠷ ᠭᠣᠶᠣᠯᠠᠴᠢᠬᠠᠭᠰᠠᠨ
ᠦᠭᠡ ᠬᠡᠯᠡ ᠦᠰᠦᠭ ᠪᠢᠴᠢᠭ ᠢ᠋ᠶ᠋ᠡᠨ ᠦᠶ᠎ᠡ ᠤᠯᠠᠷᠢᠨ ᠰᠤᠷᠴᠢᠬᠠᠭᠰᠠᠨ
ᠥᠨᠥ ᠮᠠᠷᠭᠠᠰᠢ ᠶ᠋ᠢᠨ ᠰᠠᠢᠬᠠᠨ ᠢ᠋ᠶ᠋ᠠᠨ ᠬᠣᠯᠪᠣᠵᠤ ᠬᠡᠯᠡᠭᠡᠳ ᠮᠠᠭᠲᠠᠴᠢᠬᠠᠭᠰᠠᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠬᠣᠲᠠ ᠳᠦᠭᠦᠷᠦᠭᠰᠡᠨ ᠮᠠᠯ ᠤ᠋ᠳ ᠨᠢ ᠲᠥᠯ ᠦ᠋ᠨ ᠳᠠᠭᠤ ᠪᠠᠷ ᠮᠠᠢᠯᠠᠯᠳᠤᠴᠢᠬᠠᠭᠰᠠᠨ
ᠬᠣᠯᠠ ᠣᠢᠷ᠎ᠠ ᠶ᠋ᠢᠨ ᠭᠡᠢᠴᠢᠳ ᠨᠢ ᠱᠣᠩ ᠳᠡᠭᠡᠷ᠎ᠡ ᠨᠢ ᠪᠠᠭᠤᠴᠢᠬᠠᠭᠰᠠᠨ
ᠬᠣᠩᠭᠣᠷ ᠠᠮᠠᠷᠠᠭ ᠤ᠋ᠨ ᠮᠦᠰᠢᠶᠡᠳᠦ ᠨᠢ ᠴᠢᠷᠠᠢ ᠳᠡᠭᠡᠷ᠎ᠡ ᠨᠢ ᠢᠯᠡᠷᠡᠴᠢᠬᠡᠭᠰᠡᠨ
ᠬᠤᠪᠢᠷᠠᠯᠲᠠ ᠬᠥᠭᠵᠢᠯᠲᠡ ᠲᠡᠢ ᠡᠷᠢᠨ ᠳ᠋ᠦ᠍ ᠪᠡᠨ ᠬᠥᠮᠦᠨ ᠵᠤᠨ ᠨᠢ ᠪᠠᠶᠠᠰᠴᠢᠬᠠᠭᠰᠠᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠲᠠᠪᠤᠨ ᠡᠷᠳᠡᠨᠢ ᠶ᠋ᠢᠨ ᠰᠦᠷᠦᠭ ᠨᠢ ᠲᠠᠯ᠎ᠠ ᠪᠠᠨ ᠪᠦᠷᠬᠦᠨ ᠢᠷᠠᠢᠴᠢᠬᠠᠭᠰᠠᠨ
ᠲᠠᠩᠰᠤᠭ ᠲᠠᠷᠢᠶᠠᠨ ᠤ᠋ ᠰᠢᠮ᠎ᠡ ᠨᠢ ᠰᠢᠷᠡᠭᠡ ᠳᠦᠭᠦᠷᠡᠩ ᠦᠷᠦᠭᠳᠡᠴᠢᠬᠡᠭᠰᠡᠨ
ᠲᠠᠷᠠᠭ ᠲᠤ᠌ ᠴᠠᠭᠠᠨ ᠢᠳᠡᠭᠡ ᠨᠢ ᠦᠨᠦᠷ ᠬᠠᠩᠬᠤᠯᠤᠭᠤᠯᠤᠨ ᠪᠢᠯᠬᠠᠷᠠᠴᠢᠬᠠᠭᠰᠠᠨ
ᠲᠠᠨ ᠤ᠋ ᠮᠠᠨ ᠤ᠋ ᠠᠮᠢᠳᠤᠷᠠᠯ ᠨᠢ ᠵᠢᠷᠭᠠᠯ ᠤ᠋ᠨ ᠳᠠᠭᠤᠨ ᠳ᠋ᠤ᠌ ᠥᠩᠭᠡᠵᠢᠴᠢᠬᠡᠭᠰᠡᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠪᠦᠷᠢᠳᠦ ᠶ᠋ᠢᠨ ᠰᠠᠭᠯᠠᠭᠠᠷ ᠬᠠᠢᠯᠠᠰᠤᠨ ᠳ᠋ᠤ᠌ ᠱᠠᠭᠠᠵᠠᠭᠠᠢ ᠡᠭᠦᠷᠯᠡᠭᠡᠳ ᠱᠠᠭᠰᠢᠴᠢᠬᠠᠭᠰᠠᠨ
ᠪᠦᠷᠢᠶᠡᠰᠦᠲᠡᠢ ᠴᠠᠭᠠᠨ ᠭᠡᠷ ᠡᠴᠡ ᠨᠢ ᠠᠷᠭᠠᠯ ᠤ᠋ᠨ ᠤᠲᠤᠭ᠎ᠠ ᠰᠤᠭᠤᠨᠠᠭᠯᠠᠴᠢᠬᠠᠭᠰᠠᠨ
ᠪᠦᠲᠦᠨ ᠵᠢᠯ ᠦ᠋ᠨ ᠠᠮᠵᠢᠯᠲᠠ ᠳ᠋ᠤ᠌ ᠪᠠᠨ ᠭᠡᠷ ᠬᠣᠲᠠᠯᠠᠭᠠᠷ ᠢ᠋ᠶ᠋ᠠᠨ ᠬᠥᠭᠡᠷᠦᠯᠳᠦᠴᠢᠬᠡᠭᠰᠡᠨ
ᠪᠥᠭᠡᠮ ᠪᠥᠭᠡᠮ ᠪᠠᠶᠠᠷ ᠢᠨᠢᠶᠡᠳᠦ ᠨᠢ ᠲᠡᠷᠲᠡᠭᠡ ᠬᠣᠯᠠ ᠳ᠋ᠤ᠌ ᠲᠤᠭᠤᠯᠳᠠᠴᠢᠬᠠᠭᠰᠠᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

ᠨᠠᠢᠷᠠᠯ ᠬᠥᠭᠵᠢᠮ ᠦ᠋ᠨ ᠬᠠᠪᠰᠤᠷᠤᠯᠭ᠎ᠠ ᠪᠠᠷ ᠠᠷᠠᠳ ᠤ᠋ᠨ ᠳᠠᠭᠤᠤ ᠪᠠᠨ ᠳᠠᠭᠤᠯᠠᠴᠢᠬᠠᠭᠰᠠᠨ
ᠨᠠᠷᠠᠨ ᠭᠡᠢᠭᠦᠯᠦᠭᠰᠡᠨ ᠣᠷᠳᠣᠨ ᠳ᠋ᠤ᠌ ᠪᠠᠨ ᠨᠠᠢᠷᠠᠭ ᠰᠢᠯᠦᠭ ᠢ᠋ᠶ᠋ᠡᠨ ᠤᠶᠠᠩᠭᠠᠯᠠᠴᠢᠬᠠᠭᠰᠠᠨ
ᠨᠠᠭᠠᠰᠢ ᠲᠠᠢ ᠣᠯᠠᠨ ᠦᠢᠯᠡᠰ ᠢ᠋ᠶ᠋ᠡᠨ ᠨᠠᠷᠠᠨ ᠠ᠋ᠴᠠ ᠤᠷᠳᠤᠭᠤᠷ ᠡᠬᠢᠯᠡᠭᠦᠯᠴᠢᠬᠡᠭᠰᠡᠨ
ᠨᠠᠮᠤᠷ ᠤ᠋ᠨ ᠨᠠᠮᠤᠷ ᠰᠢᠭ᠋ ᠠᠮᠢᠳᠤᠷᠠᠯ ᠢ᠋ᠶ᠋ᠠᠨ ᠡᠨᠡᠬᠡᠨ ᠬᠣᠷᠸ᠎ᠠ ᠳ᠋ᠤ᠌ ᠪᠠᠨ ᠡᠳ᠋ᠯᠡᠴᠢᠬᠡᠭᠰᠡᠨ
    ᠠᠮᠢᠳᠤᠷᠠᠯ ᠡᠷᠴᠢᠯᠡᠭᠰᠡᠨ ᠠᠮᠢᠳᠤᠷᠠᠯ ᠭᠡᠵᠦ
    ᠡᠢᠮᠦ ᠯᠡ ᠰᠠᠢᠬᠠᠨ ᠲᠡᠢᠮᠦ ᠯᠡ ᠭᠣᠶᠣᠬᠠᠨ ᠠ᠋!

      ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ