ᠮᠢᠨᠦ ᠮᠣᠩᠭᠣᠯ ᠣᠷᠣᠨ- ᠤᠷᠢᠬᠠᠨ᠂ ᠤᠶᠠᠬᠠᠨMinii mongol oron-Urikhan,UyakhanМиний монгол орон-Урьхан,Уяхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠣᠷᠣᠨ- ᠤᠷᠢᠬᠠᠨ᠂ ᠤᠶᠠᠬᠠᠨMinii mongol oron-Urikhan,UyakhanМиний монгол орон-Урьхан,Уяхан

ᠮᠢᠨᠦ ᠮᠣᠩᠭᠣᠯ ᠣᠷᠣᠨ- ᠤᠷᠢᠬᠠᠨ᠂ ᠤᠶᠠᠬᠠᠨMinii mongol oron-Urikhan,UyakhanМиний монгол орон-Урьхан,Уяхан

ᠠᠩᠭᠢᠯᠠᠯ:ᠳᠠᠭᠤᠤ ᠬᠥᠭᠵᠢᠮ
2026-05-05

18

ᠮᠢᠨᠦ ᠮᠣᠩᠭᠣᠯ ᠣᠷᠣᠨ


         ᠦᠭᠡ᠄ ᠫ · ᠳᠠᠯᠠᠨᠪᠠᠶᠠᠷ 
         ᠠᠶ᠎ᠠ᠄ ᠴ· ᠦᠯᠵᠡᠶ᠋ᠢᠡᠣᠷᠣᠰᠢᠬᠤ ( ᠮᠣᠩᠭᠣᠯ) 
         ᠳᠠᠭᠤᠴᠢᠨ᠄ ᠤᠷᠢᠬᠠᠨ᠂ ᠤᠶᠠᠬᠠᠨ 

ᠮᠢᠩᠭ᠎ᠠ ᠮᠢᠩᠭᠠᠨ ᠠᠳᠤᠭᠤ ᠨᠢ 
ᠮᠠᠩᠨᠤᠭ ᠲᠠᠯ᠎ᠠ ᠪᠠᠨ ᠴᠢᠮᠡᠭᠡᠳ 
ᠲᠦᠮᠡ ᠪᠤᠮᠠᠨ ᠬᠣᠨᠢ ᠢᠮᠠᠭ᠎ᠠ ᠨᠢ 
ᠲᠥᠷᠥᠭᠰᠡᠨ ᠨᠤᠲᠤᠭ ᠢ᠋ ᠮᠢᠨᠢ ᠭᠤᠶᠤᠭᠰᠠᠨ 
ᠮᠢᠨᠦ ᠮᠣᠩᠭᠣᠯ ᠤ᠋ᠨ ᠨᠤᠲᠤᠭ 
ᠡᠪᠦᠭᠡ ᠳᠡᠭᠡᠳᠦᠰ ᠦ᠋ᠨ ᠪᠤᠶᠠᠨ ᠲᠠᠢ 
ᠥᠨᠢᠳᠡ ᠮᠥᠩᠬᠡ ᠶ᠋ᠢᠨ ᠣᠷᠣᠨ ᠳᠠ 
ᠦᠬᠡᠷ ᠲᠡᠮᠡᠭᠡᠨ ᠰᠦᠷᠦᠭ ᠢ᠋ᠶ᠋ᠡᠷ ᠢ᠋ᠶ᠋ᠡᠨ 
ᠦᠵᠡᠰᠬᠦᠯᠡᠩᠲᠦ ᠨᠤᠲᠤᠭ ᠢ᠋ᠶ᠋ᠠᠨ ᠭᠠᠢᠬᠠᠭᠤᠯᠵᠤ
ᠳᠠᠨᠠᠨ ᠴᠠᠭᠠᠨ ᠮᠣᠩᠭᠣᠯ ᠭᠡᠷ ᠲᠡᠭᠡᠨ
ᠲᠤᠯᠭ᠎ᠠ ᠶ᠋ᠢᠨ ᠭᠠᠯ ᠢ᠋ᠶ᠋ᠠᠨ ᠪᠠᠳᠠᠷᠠᠭᠠᠭᠰᠠᠨ 
ᠡᠷᠲᠡᠨ ᠦ᠌ ᠳᠣᠮᠣᠭᠲᠤ ᠪᠠᠭᠠᠲᠤᠷ ᠤ᠋ᠳ ᠤ᠋ᠨ
ᠡᠷᠡᠯᠬᠡᠭ ᠭᠠᠪᠢᠶ᠎ᠠ ᠶ᠋ᠢ ᠳᠠᠷᠬᠠᠯᠠᠭᠰᠠᠨ
ᠡᠷᠳᠡᠨᠢ ᠶ᠋ᠢᠨ ᠥᠯᠥᠭᠡᠢ ᠨᠤᠲᠤᠭ ᠳᠠ

ᠨᠠᠷᠠᠨ ᠬᠤᠷ᠎ᠠ ᠶ᠋ᠢᠨ ᠰᠢᠮ᠎ᠡ ᠪᠡᠷ ᠢ᠋ᠶ᠋ᠡᠨ
ᠨᠠᠪᠴᠢ ᠴᠡᠴᠡᠭ ᠨᠢ ᠳᠡᠯᠭᠡᠷᠡᠭᠰᠡᠨ
ᠡᠬᠡᠰᠢᠭ ᠢᠷᠠᠭᠤᠬᠠᠨ ᠳᠠᠭᠤᠨ ᠳ᠋ᠠᠭᠠᠨ
ᠡᠩᠬᠡ ᠮᠡᠨᠳᠦ ᠶ᠋ᠢᠨ ᠢᠷᠦᠭᠡᠯ ᠲᠡᠢ
ᠮᠢᠨᠦ ᠮᠣᠩᠭᠣᠯ ᠤ᠋ᠨ ᠨᠤᠲᠤᠭ
ᠪᠤᠶᠠᠨ ᠬᠡᠰᠢᠭ ᠦ᠋ᠨ ᠳᠠᠯᠠᠯᠭ᠎ᠠ ᠲᠠᠢ
ᠪᠠᠶᠠᠨ ᠲᠠᠩᠰᠤᠭ ᠣᠷᠣᠨ ᠳ᠋ᠣᠣ
ᠪᠣᠰᠤᠭ᠎ᠠ ᠮᠣᠩᠭᠣᠯ ᠪᠢᠴᠢᠭ ᠲᠡᠭᠡᠨ
ᠪᠤᠭᠤᠷᠤᠯ ᠲᠡᠦᠬᠡ ᠪᠡᠨ ᠬᠠᠳᠠᠭᠠᠯᠠᠭᠰᠠᠨ
ᠲᠠᠢᠪᠤᠩ ᠠᠮᠤᠭᠤᠯᠠᠩ ᠦᠢᠯᠡᠰ ᠢ᠋ᠶ᠋ᠡᠷ ᠢ᠋ᠶ᠋ᠡᠨ
ᠲᠡᠨᠢᠭᠦᠨ ᠵᠢᠷᠭᠠᠯ ᠢ᠋ ᠬᠤᠷᠤᠢᠯᠠᠭᠰᠠᠨ 
ᠮᠢᠨᠦ ᠮᠣᠩᠭᠣᠯ ᠤ᠋ᠨ ᠨᠤᠲᠤᠭ
ᠡᠵᠡᠨ ᠪᠣᠭᠳᠠ ᠴᠢᠩᠭᠢᠰ ᠦ᠋ᠨ ᠰᠢᠲᠦᠭᠡᠨ ᠲᠡᠢ
ᠡᠢᠮᠦ ᠯᠡ ᠰᠠᠢᠬᠠᠨ ᠣᠷᠣᠨ ᠳ᠋ᠣᠣ
ᠡᠢᠮᠦ ᠯᠡ ᠰᠠᠢᠬᠠᠨ ᠣᠷᠣᠨ ᠳ᠋ᠣᠣ

     ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
     ᠦᠰᠦᠭ ᠬᠠᠳᠠᠭᠴᠢ᠄ ᠪᠠᠢ᠂ ᠰᠠᠷᠠᠨ᠎ᠠ
     ᠬᠢᠨᠠᠭᠴᠢ᠄ ᠰᠣᠨᠢᠨᠪᠠᠶᠠᠷ