ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2026 ᠣᠨ ᠤ᠋ 4 ᠰᠠᠷ᠎ᠠ
ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2026 ᠣᠨ ᠤ᠋ 4 ᠰᠠᠷ᠎ᠠ
ᠬᠠᠮᠪᠤ ᠪᠯᠠᠮ᠎ᠠ ᠳ᠋ᠠᠮᠪᠠ ᠠᠶᠤᠰᠢᠶᠸᠪ
ᠢᠲᠡᠭᠡᠯᠲᠦ ᠬᠠᠮᠪᠤ ᠪᠯᠠᠮ᠎ᠠ ᠶ᠋ᠢᠨ ᠵᠠᠯᠪᠠᠷᠢᠯ
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ
ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ
ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ
ᠢᠲᠡᠭᠡᠯᠲᠦ ᠬᠠᠮᠪᠤ ᠪᠯᠠᠮ᠎ᠠ ᠶ᠋ᠢᠨ ᠥᠯᠮᠡᠢ ᠳ᠋ᠦ᠍ ᠵᠠᠯᠪᠠᠷᠢᠨᠠᠮ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
2026.04.01
ᠮᠣᠷᠢ ᠵᠢᠯ ᠂ ᠲᠠᠤᠯᠠᠢ ᠰᠠᠷ᠎ᠠ ᠶ᠋ᠢᠨ 15 ᠤ᠋ ᠬᠥᠬᠡᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠣᠷᠴᠢᠯᠠᠩ ᠤ᠋ᠨ ᠶᠣᠰᠣ ᠵᠢᠮ᠎ᠡ ᠶ᠋ᠢ ᠲᠠᠨᠢᠭᠰᠠᠨ ᠬᠥᠮᠦᠰ ᠲᠦ᠍ ᠢᠲᠡᠭᠡᠯᠲᠦ ᠪᠠᠭᠰᠢ ᠄ 《 ᠢᠯᠴᠢ ᠭᠡᠷᠡᠯ ᠠᠪᠤᠭᠠᠳ ᠰᠦᠮᠪᠦᠷ ᠠᠭᠤᠯᠠ ᠶ᠋ᠢᠨ ᠣᠷᠣᠢ ᠳ᠋ᠤ᠌ ᠭᠠᠷ ᠠ᠋ 》 ᠭᠡᠮᠡᠨ ᠠᠢᠯᠠᠳᠤᠯ᠎ᠠ᠃
2026.04.02
ᠮᠣᠷᠢ ᠵᠢᠯ ᠂ ᠲᠠᠤᠯᠠᠢ ᠰᠠᠷ᠎ᠠ ᠶ᠋ᠢᠨ 15 ᠤ᠋ ᠤᠯᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄《 ᠣᠷᠴᠢᠯᠠᠩ ᠶᠢᠷᠲᠢᠨᠴᠦ ᠶ᠋ᠢ ᠶᠠᠭᠤᠨ ᠡᠷᠭᠢᠭᠦᠯᠦᠨ᠎ᠡ》ᠭᠡᠵᠦ ᠠᠰᠠᠭᠤᠨ᠎ᠠ ᠃ ᠢᠲᠡᠭᠡᠯᠲᠦ ᠪᠠᠭᠰᠢ ᠄ 《 5 ᠮᠠᠬᠠᠪᠣᠳ ᠲᠠᠢ ᠣᠶᠤᠨ ᠪᠢᠯᠢᠭ ᠲᠡᠢ ᠣᠷᠣᠰᠢᠬᠤᠢ ᠶ᠋ᠢᠨ ᠦᠨᠡᠨ 》ᠭᠡᠮᠡᠨ ᠠᠢᠯᠠᠳᠤᠯ᠎ᠠ᠃
2026.04.03
ᠮᠣᠷᠢ ᠵᠢᠯ ᠂ ᠲᠠᠤᠯᠠᠢ ᠰᠠᠷ᠎ᠠ ᠶ᠋ᠢᠨ 16 ᠤ᠋ ᠤᠯᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠣᠷᠴᠢᠯᠠᠩ ᠳ᠋ᠤ᠌ ᠰᠠᠢᠨ ᠦᠢᠯᠡ ᠦᠢᠯᠡᠳᠬᠦ ᠨᠢ ᠬᠠᠮᠤᠭ ᠤ᠋ᠨ ᠴᠢᠬᠤᠯᠠ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《ᠠᠪᠤᠷᠠᠬᠤ ᠪᠤᠷᠬᠠᠨ ᠤ᠋ ᠨᠣᠮ ᠲᠠᠢ ᠤᠴᠠᠷᠠᠬᠤ 》ᠭᠡᠮᠡᠨ ᠠᠢᠯᠠᠳᠤᠯ᠎ᠠ᠃
2026.04.04
ᠮᠣᠷᠢ ᠵᠢᠯ ᠂ ᠲᠠᠤᠯᠠᠢ ᠰᠠᠷ᠎ᠠ ᠶ᠋ᠢᠨ 17 ᠤ᠋ ᠰᠢᠷ᠎ᠠ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
《 ᠬᠡᠷᠡᠭ ᠢ᠋ ᠳᠦᠭᠦᠷᠭᠡ ᠦᠭᠡᠢ ᠣᠷᠬᠢᠵᠤ ᠪᠣᠯᠬᠤ ᠦᠭᠡᠢ 》ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠤᠯᠠᠮ ᠴᠠᠭᠠᠰᠢ ᠪᠠᠨ ᠬᠥᠭᠵᠢᠬᠦ ᠶ᠋ᠢᠨ ᠲᠥᠯᠥᠭᠡ ᠬᠠᠷ᠎ᠠ ᠰᠠᠨᠠᠭᠠᠲᠠᠨ ᠤ᠋ ᠭᠣᠣᠯ ᠢ᠋ ᠨᠢ ᠳᠠᠰᠤᠯ 》ᠭᠡᠮᠡᠨ ᠠᠢᠯᠠᠳᠤᠯ᠎ᠠ᠃
2026.04.05
ᠮᠣᠷᠢ ᠵᠢᠯ ᠂ ᠲᠠᠤᠯᠠᠢ ᠰᠠᠷ᠎ᠠ ᠶ᠋ᠢᠨ 18 ᠤ᠋ ᠰᠢᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠢᠲᠡᠭᠡᠯᠲᠦ ᠪᠠᠭᠰᠢ ᠳ᠋ᠤ᠌ ᠮᠥᠷᠭᠥᠨ᠎ᠡ ᠃ ᠪᠠᠭᠰᠢ ᠄《 ᠬᠣᠭᠣᠰᠣᠨ ᠴᠢᠨᠠᠷ ᠢ᠋ ᠦᠵᠡᠬᠦ ᠨᠢᠳᠦ ᠨᠡᠭᠡᠭᠡᠭᠳᠡᠭᠰᠡᠨ 》ᠭᠡᠮᠡᠨ ᠠᠢᠯᠠᠳᠤᠯ᠎ᠠ᠃
2026.04.06
ᠮᠣᠷᠢ ᠵᠢᠯ ᠂ ᠲᠠᠤᠯᠠᠢ ᠰᠠᠷ᠎ᠠ ᠶ᠋ᠢᠨ 19 ᠦ᠌ ᠴᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠲᠣᠨᠢᠯᠬᠤ ᠶ᠋ᠢ ᠬᠦᠰᠡᠨ᠎ᠡ ᠃ ᠢᠲᠡᠭᠡᠯᠲᠦ ᠪᠠᠭᠰᠢ ᠄《 ᠡᠷᠯᠢᠭ ᠬᠠᠭᠠᠨ ᠤ᠋ ᠡᠷᠬᠡ ᠡᠴᠡ ᠮᠤᠯᠲᠤᠷᠠᠬᠤ ᠶ᠋ᠢᠨ ᠲᠥᠯᠥᠭᠡ ᠰᠤᠳᠤᠷ ᠲᠠᠷᠨᠢ ᠶ᠋ᠢ ᠰᠠᠢᠨ ᠦᠵᠡᠬᠦ ᠬᠡᠷᠡᠭᠲᠡᠢ 》ᠭᠡᠮᠡᠨ ᠠᠢᠯᠠᠳᠤᠯ᠎ᠠ᠃
2026.04.07
ᠮᠣᠷᠢ ᠵᠢᠯ ᠂ ᠲᠠᠤᠯᠠᠢ ᠰᠠᠷ᠎ᠠ ᠶ᠋ᠢᠨ 20 ᠤ᠋ ᠴᠠᠭᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄ 《ᠶᠢᠯᠸᠢ ᠶ᠋ᠢᠨ ᠣᠷᠣᠨ ᠰᠢᠯᠲᠠᠭᠠᠨ ᠠ᠋ᠴᠠ ᠦᠷᠭᠦᠯᠵᠢᠯᠡᠳᠡᠭ 》 ᠭᠡᠨ᠎ᠡ ᠃ ᠢᠲᠡᠭᠡᠯᠲᠦ ᠪᠠᠭᠰᠢ ᠄《 ᠰᠢᠯᠲᠠᠭᠠᠨ ᠤ᠋ ᠤᠷᠤᠰᠬᠠᠯ ᠲᠠᠰᠤᠷᠠᠬᠤ ᠪᠣᠯ ᠶᠢᠯᠸᠢ ᠶ᠋ᠢᠨ ᠣᠷᠣᠨ ᠦᠵᠡᠭᠳᠡᠬᠦ ᠦᠭᠡᠢ 》ᠭᠡᠮᠡᠨ ᠠᠢᠯᠠᠳᠤᠯ᠎ᠠ᠃
2026.04.08
ᠮᠣᠷᠢ ᠵᠢᠯ ᠂ ᠲᠠᠤᠯᠠᠢ ᠰᠠᠷ᠎ᠠ ᠶ᠋ᠢᠨ 21 ᠦ᠌ ᠬᠠᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠰᠡᠳᠬᠢᠯ ᠡᠴᠡ ᠭᠡᠷᠡᠯ ᠰᠠᠴᠤᠷᠠᠬᠤ ᠳ᠋ᠤ᠌ ᠤᠬᠠᠭᠠᠨ ᠲᠣᠳᠣᠷᠠᠳᠠᠭ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠠᠮᠤᠷᠯᠢᠩᠭᠤᠢ ᠣᠷᠣᠰᠢᠬᠤ ᠨᠢ ᠬᠣᠭᠣᠰᠣᠨ ᠴᠢᠨᠠᠷ ᠦᠯᠡᠮᠵᠢ ᠦᠵᠡᠬᠦ ᠨᠢ ᠪᠣᠳᠢ ᠰᠡᠳᠬᠢᠯ ᠮᠥᠨ 》ᠭᠡᠮᠡᠨ ᠠᠢᠯᠠᠳᠤᠯ᠎ᠠ᠃
2026.04.09
ᠮᠣᠷᠢ ᠵᠢᠯ ᠂ ᠲᠠᠤᠯᠠᠢ ᠰᠠᠷ᠎ᠠ ᠶ᠋ᠢᠨ 22 ᠊ᠤᠨ ᠬᠠᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄ 《 ᠣᠷᠴᠢᠯᠠᠩ ᠤ᠋ᠨ ᠵᠣᠪᠠᠯᠠᠩ ᠠᠶᠤᠯ ᠲᠣᠳᠬᠠᠷ ᠬᠡᠷᠡᠭᠦᠯ ᠠᠶᠤᠬᠤ ᠭᠡᠳᠡᠭ ᠮᠡᠲᠦ ᠬᠠᠮᠢᠭ᠎ᠠ ᠠ᠋ᠴᠠ ᠭᠠᠷᠤᠨ᠎ᠠ 》ᠭᠡᠵᠦ ᠠᠰᠠᠭᠤᠨ᠎ᠠ ᠃ ᠢᠲᠡᠭᠡᠯᠲᠦ ᠪᠠᠭᠰᠢ ᠄《 ᠵᠣᠪᠠᠯᠠᠩ ᠤ᠋ᠨ 100 ᠬᠤᠪᠢ ᠥᠪᠡᠷ ᠦ᠋ᠨ ᠪᠡᠶ᠎ᠡ ᠤᠬᠠᠭᠠᠨ ᠠ᠋ᠴᠠ ᠭᠠᠷᠤᠨ᠎ᠠ 》ᠭᠡᠮᠡᠨ ᠠᠢᠯᠠᠳᠤᠯ᠎ᠠ᠃
2026.04.10
ᠮᠣᠷᠢ ᠵᠢᠯ ᠂ ᠲᠠᠤᠯᠠᠢ ᠰᠠᠷ᠎ᠠ ᠶ᠋ᠢᠨ 23 ᠤ᠋ ᠬᠥᠬᠡ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠵᠣᠪᠠᠯᠠᠩ ᠠ᠋ᠴᠠ ᠭᠠᠷᠬᠤ ᠬᠡᠷᠡᠭᠲᠡᠢ 》ᠭᠡᠨ᠎ᠡ ᠃ ᠢᠲᠡᠭᠡᠯᠲᠦ ᠪᠠᠭᠰᠢ ᠄《ᠠᠮᠤᠭᠤᠯᠠᠩ ᠪᠠᠢᠳᠠᠯ ᠰᠡᠳᠬᠢᠯ ᠦ᠋ᠨ ᠭᠦᠨ ᠳ᠋ᠦ᠍》ᠭᠡᠮᠡᠨ ᠠᠢᠯᠠᠳᠤᠯ᠎ᠠ᠃
2026.04.11
ᠮᠣᠷᠢ ᠵᠢᠯ ᠂ ᠲᠠᠤᠯᠠᠢ ᠰᠠᠷ᠎ᠠ ᠶ᠋ᠢᠨ 24 ᠦ᠌ ᠬᠥᠬᠡᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄《 ᠠᠮᠢᠲᠠᠨ ᠤ᠋ ᠲᠤᠰᠠ ᠳ᠋ᠤ᠌ ᠰᠡᠳᠬᠢᠯ ᠬᠡᠷᠡᠭᠲᠡᠢ 》ᠭᠡᠨ᠎ᠡ ᠃ ᠢᠲᠡᠭᠡᠯᠲᠦ ᠪᠠᠭᠰᠢ ᠄《 ᠠᠮᠢᠲᠠᠨ ᠢ᠋ ᠬᠠᠢᠷᠠᠯᠠᠬᠤ ᠨᠢ ᠭᠡᠭᠡᠷᠡᠯ ᠦ᠋ᠨ ᠤᠭ 》 ᠭᠡᠮᠡᠨ ᠠᠢᠯᠠᠳᠤᠯ᠎ᠠ᠃
2026.04.12
ᠮᠣᠷᠢ ᠵᠢᠯ ᠂ ᠲᠠᠤᠯᠠᠢ ᠰᠠᠷ᠎ᠠ ᠶ᠋ᠢᠨ 25 ᠤ᠋ ᠤᠯᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠠᠰᠤ ᠪᠠᠷ ᠢ᠋ᠶ᠋ᠠᠨ ᠬᠠᠷ᠎ᠠ ᠴᠠᠭᠠᠨ ᠤ᠋ ᠤᠨᠠᠯ ᠦᠭᠡᠢ ᠲᠡᠩᠴᠡᠯᠳᠦᠵᠦ ᠶᠠᠪᠤᠭᠰᠠᠨ ᠬᠥᠮᠦᠨ ᠳ᠋ᠦ᠍ ᠢᠲᠡᠭᠡᠯᠲᠦ ᠪᠠᠭᠰᠢ ᠄《 ᠬᠣᠭᠣᠰᠣᠨ ᠴᠢᠨᠠᠷ ᠢ᠋ ᠲᠠᠨᠢᠬᠤ ᠵᠠᠪᠰᠠᠷ ᠬᠣᠪᠣᠷ ᠪᠠᠢᠳᠠᠭ》ᠭᠡᠮᠡᠨ ᠠᠢᠯᠠᠳᠤᠯ᠎ᠠ᠃
2026.04.13
ᠮᠣᠷᠢ ᠵᠢᠯ ᠂ ᠲᠠᠤᠯᠠᠢ ᠰᠠᠷ᠎ᠠ ᠶ᠋ᠢᠨ 26 ᠤ᠋ ᠤᠯᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠪᠢᠰᠢᠯᠭᠠᠵᠤ ᠰᠠᠭᠤᠨ᠎ᠠ ᠃ ᠢᠲᠡᠭᠡᠯᠲᠦ ᠪᠠᠭᠰᠢ ᠄《 ᠰᠦᠨᠡᠰᠦ ᠨᠢ ᠬᠣᠮ ᠦᠵᠦᠭ ᠲᠦ᠍ ᠬᠤᠪᠢᠷᠠᠭᠠᠳ ᠮᠠᠨᠳᠠᠯ ᠤ᠋ᠨ ᠭᠣᠣᠯ ᠰᠠᠭᠤᠷᠢ ᠳ᠋ᠤ᠌ ᠣᠷᠣᠰᠢᠭᠰᠠᠨ 》ᠭᠡᠮᠡᠨ ᠠᠢᠯᠠᠳᠤᠯ᠎ᠠ᠃
2026.04.14
ᠮᠣᠷᠢ ᠵᠢᠯ ᠂ ᠲᠠᠤᠯᠠᠢ ᠰᠠᠷ᠎ᠠ ᠶ᠋ᠢᠨ 27 ᠤ᠋ ᠰᠢᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠷᠸᠠᠨ ᠳ᠋ᠤ᠌ ᠵᠣᠷᠢᠭᠰᠠᠨ ᠬᠥᠮᠦᠨ ᠳ᠋ᠦ᠍ ᠢᠲᠡᠭᠡᠯᠲᠦ ᠪᠠᠭᠰᠢ ᠄《 ᠳᠠᠢᠰᠤᠨ ᠲᠠᠭᠠᠷᠠᠯᠳᠤᠬᠤ ᠪᠣᠯ ᠪᠠᠶᠠᠷᠯᠠᠬᠤ ᠬᠡᠷᠡᠭᠲᠡᠢ 》ᠭᠡᠮᠡᠨ ᠠᠢᠯᠠᠳᠤᠯ᠎ᠠ᠃
2026.04.15
ᠮᠣᠷᠢ ᠵᠢᠯ ᠂ ᠲᠠᠤᠯᠠᠢ ᠰᠠᠷ᠎ᠠ ᠶ᠋ᠢᠨ 28 ᠤ᠋ ᠰᠢᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄《 ᠪᠣᠳᠢ ᠰᠡᠳᠬᠢᠯ ᠪᠢᠰᠢᠯᠬ᠋ᠠᠬᠲᠢ 》ᠭᠡᠨ᠎ᠡ ᠃ ᠢᠲᠡᠭᠡᠯᠲᠦ ᠪᠠᠭᠰᠢ ᠄《 ᠦᠨᠡᠨ ᠵᠢᠷᠦᠬᠡᠨ ᠦ᠌ ᠭᠣᠣᠯ ᠰᠡᠷᠭᠦᠬᠦ 》ᠭᠡᠮᠡᠨ ᠠᠢᠯᠠᠳᠤᠯ᠎ᠠ᠃
2026.04.16
ᠮᠣᠷᠢ ᠵᠢᠯ ᠂ ᠲᠠᠤᠯᠠᠢ ᠰᠠᠷ᠎ᠠ ᠶ᠋ᠢᠨ 29 ᠦ᠌ ᠴᠠᠭᠠᠨ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠤᠷᠢᠳᠤ ᠨᠠᠰᠤᠨ ᠤ᠋ ᠪᠤᠶᠠᠨ ᠬᠠᠭᠤᠴᠢᠨ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠣᠳᠣ ᠨᠠᠰᠤᠨ ᠳ᠋ᠠᠭᠠᠨ ᠪᠦᠲᠦᠭᠡᠵᠦ ᠪᠠᠢᠭᠰᠠᠨ ᠦᠢᠯᠡ ᠬᠡᠷᠡᠭ ᠦ᠋ᠳ ᠤᠷᠢᠳᠤ ᠨᠠᠰᠤᠨ ᠤ᠋ ᠦᠢᠯᠡ ᠶ᠋ᠢᠨ ᠦᠷ᠎ᠡ ᠤᠭ ᠰᠢᠯᠲᠠᠭᠠᠨ ᠠ᠋ᠴᠠ ᠪᠦᠲᠦᠨ᠎ᠡ 》ᠭᠡᠮᠡᠨ ᠠᠢᠯᠠᠳᠤᠯ᠎ᠠ᠃
2026.04.17
ᠮᠣᠷᠢ ᠵᠢᠯ ᠂ ᠲᠠᠤᠯᠠᠢ ᠰᠠᠷ᠎ᠠ ᠶ᠋ᠢᠨ 30 ᠤ᠋ ᠴᠠᠭᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠪᠢ ᠪᠢᠰᠢ ᠪᠢᠳᠡ ᠬᠡᠭᠳᠢ ᠪᠢᠳᠡᠨᠡᠷ ᠦ᠋ᠨ ᠳᠣᠲᠣᠷ᠎ᠠ ᠣᠯᠠᠨ ᠶᠠᠩᠵᠤ ᠶ᠋ᠢᠨ ᠠᠮᠢᠳᠤᠷᠠᠯ ᠪᠠᠢᠳᠠᠭ》ᠭᠡᠨ᠎ᠡ ᠃ᠢᠲᠡᠭᠡᠯᠲᠦ ᠪᠠᠭᠰᠢ ᠄ 《 ᠪᠡᠶ᠎ᠡ ᠶ᠋ᠢᠨ ᠡᠰ ᠪᠦᠭᠦᠳᠡ ᠶ᠋ᠢᠨ ᠥᠪᠡᠷ ᠥᠪᠡᠷ ᠦ᠋ᠨ ᠠᠮᠢᠳᠤᠷᠠᠯ ᠤ᠋ᠨ ᠨᠠᠷᠠ ᠰᠠᠷ᠎ᠠ ᠲᠠᠢ 》 ᠭᠡᠮᠡᠨ ᠠᠢᠯᠠᠳᠤᠯ᠎ᠠ᠃
2026.04.18
ᠮᠣᠷᠢ ᠵᠢᠯ ᠂ ᠯᠤᠤ ᠰᠠᠷ᠎ᠠ ᠶ᠋ᠢᠨ 1 ᠦ᠌ ᠬᠠᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠣᠯᠬᠤ ᠶ᠋ᠢ ᠬᠦᠰᠡᠨ᠎ᠡ ᠃ ᠢᠲᠡᠭᠡᠯᠲᠦ ᠪᠠᠭᠰᠢ ᠄《 ᠯᠠᠭᠱᠠᠨ ᠵᠠᠷᠯᠢᠭ ᠲᠠᠭᠠᠯᠠᠯ ᠤ᠋ᠨ ᠨᠢᠭᠤᠴᠠ ᠪᠦᠭᠦᠳᠡ ᠶ᠋ᠢ ᠪᠡᠷᠢ 》ᠭᠡᠮᠡᠨ ᠠᠢᠯᠠᠳᠤᠯ᠎ᠠ᠃
2026.04.19
ᠮᠣᠷᠢ ᠵᠢᠯ ᠂ ᠯᠤᠤ ᠰᠠᠷ᠎ᠠ ᠶ᠋ᠢᠨ 2 ᠊ᠤᠨ ᠬᠠᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠳᠢᠶᠠᠨᠴᠢ ᠰᠡᠳᠬᠢᠯ ᠦ᠋ᠨ ᠬᠣᠮ ᠦᠵᠦᠭ ᠡᠴᠡ ᠭᠡᠷᠡᠯ ᠰᠠᠴᠤᠷᠠᠭᠤᠯᠤᠭᠠᠳ ᠬᠦᠰᠡᠯ ᠦ᠋ᠨ 5 ᠡᠷᠳᠡᠮ ᠢ᠋ ᠠᠷᠢᠭᠤᠳᠬᠠᠨ᠎ᠠ ᠃ ᠢᠲᠡᠭᠡᠯᠲᠦ ᠪᠠᠭᠰᠢ ᠄《 ᠰᠡᠳᠬᠢᠯ ᠨᠢ ᠤᠭ ᠲᠠᠭᠠᠨ ᠬᠣᠭᠣᠰᠣᠨ ᠪᠣᠯᠤᠭᠠᠳ ᠨᠢᠷᠸᠠᠨ ᠪᠣᠯᠤᠨ᠎ᠠ 》ᠭᠡᠮᠡᠨ ᠠᠢᠯᠠᠳᠤᠯ᠎ᠠ᠃
2026.04.20
ᠮᠣᠷᠢ ᠵᠢᠯ ᠂ ᠯᠤᠤ ᠰᠠᠷ᠎ᠠ ᠶ᠋ᠢᠨ 3 ᠤ᠋ ᠬᠥᠬᠡ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠪᠯᠠᠮ᠎ᠠ ᠲᠠᠬᠢᠯ ᠡᠷᠭᠦᠭᠡᠳ 7 ᠭᠡᠰᠢᠭᠦᠨ ᠤᠩᠰᠢᠨ᠎ᠠ ᠃ ᠢᠲᠡᠭᠡᠯᠲᠦ ᠪᠠᠭᠰᠢ ᠄ 《 10 ᠵᠦᠭ ᠦ᠋ᠨ ᠪᠤᠷᠬᠠᠳ ᠲᠤ᠌ ᠲᠠᠬᠢᠯ ᠡᠷᠭᠦᠬᠦ ᠳ᠋ᠦ᠍ ᠪᠡᠨ ᠰᠤᠳᠤᠷ ᠲᠠᠷᠨᠢ ᠶ᠋ᠢᠨ ᠡᠰᠢ ᠣᠨᠣᠯ ᠬᠠᠢᠷᠠᠯᠠᠬᠤ》ᠭᠡᠮᠡᠨ ᠠᠢᠯᠠᠳᠤᠯ᠎ᠠ᠃
2026.04.21
ᠮᠣᠷᠢ ᠵᠢᠯ ᠂ ᠯᠤᠤ ᠰᠠᠷ᠎ᠠ ᠶ᠋ᠢᠨ 4 ᠦ᠌ ᠬᠥᠬᠡᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠪᠤᠳ᠋ᠳ᠋ᠾᠠ ᠪᠠᠭᠰᠢ ᠶ᠋ᠢᠨ ᠱᠠᠵᠢᠨ ᠳ᠋ᠤ᠌ ᠶᠡᠬᠡ ᠪᠡᠷ ᠰᠢᠲᠦᠳᠡᠭ ᠬᠥᠮᠦᠨ ᠳ᠋ᠦ᠍ ᠢᠲᠡᠭᠡᠯᠲᠦ ᠪᠠᠭᠰᠢ ᠄《 ᠪᠡᠯᠭᠡ ᠪᠢᠯᠢᠭ ᠦ᠋ᠨ ᠣᠷᠣᠨ ᠳ᠋ᠤ᠌ ᠬᠦᠷᠬᠦ ᠬᠤᠪᠢ ᠰᠠᠢᠳᠠᠨ ᠤ᠋ ᠵᠠᠶᠠᠭ᠎ᠠ 》 ᠭᠡᠮᠡᠨ ᠠᠢᠯᠠᠳᠤᠯ᠎ᠠ᠃
2026.04.22
ᠮᠣᠷᠢ ᠵᠢᠯ ᠂ ᠯᠤᠤ ᠰᠠᠷ᠎ᠠ ᠶ᠋ᠢᠨ 5 ᠤ᠋ ᠤᠯᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠄《 ᠮᠤᠩᠬᠠᠭ ᠤ᠋ᠨ ᠬᠠᠷᠠᠩᠭᠤᠢ ᠠ᠋ᠴᠠ ᠶᠠᠭᠠᠬᠢᠵᠤ ᠰᠡᠷᠭᠦᠬᠦ ᠪᠣᠢ 》 ᠭᠡᠵᠦ ᠠᠰᠠᠭᠤᠨ᠎ᠠ ᠃ ᠢᠲᠡᠭᠡᠯᠲᠦ ᠪᠠᠭᠰᠢ ᠄《 ᠬᠠᠮᠤᠭ ᠠᠮᠢᠲᠠᠨ ᠠᠪᠤᠷᠠᠭᠴᠢ ᠠᠴᠢᠲᠠᠢ ᠪᠠᠭᠰᠢ ᠳ᠋ᠤ᠌ ᠵᠠᠯᠪᠠᠷᠢ 》ᠭᠡᠮᠡᠨ ᠠᠢᠯᠠᠳᠤᠯ᠎ᠠ᠃
2026.04.23
ᠮᠣᠷᠢ ᠵᠢᠯ ᠂ ᠯᠤᠤ ᠰᠠᠷ᠎ᠠ ᠶ᠋ᠢᠨ 7 ᠤ᠋ ᠤᠯᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠪᠠᠭᠰᠢ ᠶ᠋ᠢᠨ ᠥᠯᠮᠡᠢ ᠳ᠋ᠦ᠍ ᠮᠥᠷᠭᠥᠨ᠎ᠡ ᠃ ᠢᠲᠡᠭᠡᠯᠲᠦ ᠪᠠᠭᠰᠢ ᠄ 《ᠰᠡᠳᠬᠢᠯ ᠢ᠋ᠶ᠋ᠡᠷ ᠲᠠᠭᠠᠷᠠᠯᠳᠤᠬᠤ ᠪᠣᠯ ᠡᠭᠦᠳᠡ ᠨᠡᠭᠡᠭᠡᠭᠳᠡᠨ᠎ᠡ》ᠭᠡᠮᠡᠨ ᠠᠢᠯᠠᠳᠤᠯ᠎ᠠ᠃
2026.04.24
ᠮᠣᠷᠢ ᠵᠢᠯ ᠂ ᠯᠤᠤ ᠰᠠᠷ᠎ᠠ ᠶ᠋ᠢᠨ 8 ᠤ᠋ ᠰᠢᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠪᠤᠷᠰᠠᠩ ᠬᠤᠸᠠᠷᠠᠭ ᠰᠤᠳᠤᠷ ᠤ᠋ᠨ ᠠᠢᠮᠠᠭ ᠠ᠋ᠴᠠ ᠭᠠᠷᠳᠠᠭ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠪᠢᠯᠢᠭ ᠦ᠋ᠨ ᠴᠢᠨᠠᠳᠤ ᠬᠦᠷᠦᠭᠰᠡᠨ ᠪᠦᠭᠦᠳᠡ ᠳ᠋ᠦ᠍ ᠪᠤᠷᠬᠠᠨ ᠪᠠᠭᠰᠢ ᠦᠵᠡᠭᠳᠡᠬᠦ 》ᠭᠡᠮᠡᠨ ᠠᠢᠯᠠᠳᠤᠯ᠎ᠠ᠃
2026.04.25
ᠮᠣᠷᠢ ᠵᠢᠯ ᠂ ᠯᠤᠤ ᠰᠠᠷ᠎ᠠ ᠶ᠋ᠢᠨ 9 ᠦ᠌ ᠰᠢᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ ᠬᠣᠢᠲᠤ ᠲᠥᠷᠥᠯ ᠳ᠋ᠡᠭᠡᠨ ᠰᠠᠢᠨ ᠲᠥᠷᠥᠯ ᠣᠯᠬᠤ ᠶ᠋ᠢᠨ ᠲᠥᠯᠥᠭᠡ ᠣᠷᠣᠯᠳᠣᠨ᠎ᠠ ᠃ ᠢᠲᠡᠭᠡᠯᠲᠦ ᠪᠠᠭᠰᠢ ᠄《 ᠪᠡᠯᠭᠡ ᠪᠢᠯᠢᠭ ᠢ᠋ ᠪᠠᠳᠠᠷᠠᠭᠤᠯᠬᠤ ᠶ᠋ᠢᠨ ᠲᠥᠯᠥᠭᠡ ᠣᠯᠠᠨ ᠲᠥᠷᠥᠯ ᠦ᠋ᠨ ᠪᠢᠰᠢᠯᠭ᠎ᠠ ᠲᠠᠢ(ᠣᠯᠠᠨ ᠳᠠᠬᠢᠨ ᠲᠥᠷᠥᠯ ᠠᠪᠴᠤ ᠪᠢᠰᠢᠯᠭᠠᠬᠤ ) 》ᠭᠡᠮᠡᠨ ᠠᠢᠯᠠᠳᠤᠯ᠎ᠠ᠃
2026.04.26
ᠮᠣᠷᠢ ᠵᠢᠯ ᠂ ᠯᠤᠤ ᠰᠠᠷ᠎ᠠ ᠶ᠋ᠢᠨ 10 ᠤ᠋ ᠴᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠣᠷᠴᠢᠯᠠᠩ ᠳ᠋ᠤ᠌ ᠮᠢᠨᠦ ᠭᠡᠵᠦ ᠦᠵᠡᠷᠬᠡᠬᠦ ᠶᠠᠭᠤ ᠴᠤ᠌ ᠦᠭᠡᠢ 》 ᠭᠡᠨ᠎ᠡ ᠃ ᠢᠲᠡᠭᠡᠯᠲᠦ ᠪᠠᠭᠰᠢ ᠄ 《 ᠶᠢᠯᠸᠢ ᠶ᠋ᠢᠨ ᠣᠷᠴᠢᠯᠠᠩ ᠢ᠋ ᠬᠣᠭᠣᠰᠣᠨ ᠴᠢᠨᠠᠷ ᠲᠠᠢ ᠵᠣᠬᠢᠯᠳᠤᠭᠤᠯᠬᠤ ᠨᠥᠬᠥᠴᠡᠯ ᠪᠠᠢᠬᠤ ᠦᠭᠡᠢ 》ᠭᠡᠮᠡᠨ ᠠᠢᠯᠠᠳᠤᠯ᠎ᠠ᠃
2026.04.27
ᠮᠣᠷᠢ ᠵᠢᠯ ᠂ ᠯᠤᠤ ᠰᠠᠷ᠎ᠠ ᠶ᠋ᠢᠨ 11 ᠦ᠌ ᠴᠠᠭᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠯᠠᠮᠠ ᠢᠵᠠᠭᠤᠷ ᠤ᠋ᠨ 5 ᠪᠤᠷᠬᠠᠨ ᠰᠤᠳᠤᠯᠵᠤ ᠰᠠᠭᠤᠨ᠎ᠠ ᠃ ᠢᠲᠡᠭᠡᠯᠲᠦ ᠪᠠᠭᠰᠢ ᠄《 ᠬᠢᠯᠢᠨᠴᠡ ᠲᠦᠢᠳᠬᠡᠷ ᠢ᠋ ᠬᠣᠴᠣᠷᠤᠯ ᠦᠭᠡᠢ ᠠᠷᠢᠯᠭᠠᠬᠤ ᠢᠷᠦᠭᠡᠯ ᠲᠡᠢ 》ᠭᠡᠮᠡᠨ ᠠᠢᠯᠠᠳᠤᠯ᠎ᠠ᠃
2026.04.28
ᠮᠣᠷᠢ ᠵᠢᠯ ᠂ ᠯᠤᠤ ᠰᠠᠷ᠎ᠠ ᠶ᠋ᠢᠨ12 ᠊ᠤᠨ ᠬᠠᠷ᠎ᠠ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠰᠠᠢᠨ ᠦᠢᠯᠡ ᠦᠭᠡᠢ ᠶᠠᠭᠤ ᠴᠤ᠌ ᠪᠦᠲᠦᠭᠡᠬᠦ ᠦᠭᠡᠢ 》 ᠭᠡᠨ᠎ᠡ ᠃ ᠢᠲᠡᠭᠡᠯᠲᠦ ᠪᠠᠭᠰᠢ ᠄《 ᠰᠠᠢᠨ ᠦᠢᠯᠡ ᠳᠤᠲᠠᠬᠤ ᠪᠣᠯ ᠬᠦᠴᠦ ᠴᠢᠳᠠᠯ ᠢ᠋ᠶ᠋ᠠᠨ ᠠᠯᠳᠠᠭᠰᠠᠨ ᠬᠡᠷᠡᠭ 》ᠭᠡᠮᠡᠨ ᠠᠢᠯᠠᠳᠤᠯ᠎ᠠ᠃
2026.04.29
ᠮᠣᠷᠢ ᠵᠢᠯ ᠂ ᠯᠤᠤ ᠰᠠᠷ᠎ᠠ ᠶ᠋ᠢᠨ 13 ᠤ᠋ ᠬᠠᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠠᠮᠢᠲᠠᠨ ᠤ᠋ ᠰᠠᠨᠠᠭ᠎ᠠ ᠬᠠᠩᠭᠠᠭᠴᠢ ᠳ᠋ᠤᠷ ᠮᠥᠷᠭᠥᠮᠦᠢ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄《 ᠰᠠᠨᠠᠭᠰᠠᠨ ᠬᠡᠷᠡᠭ ᠰᠡᠳᠬᠢᠯ ᠴᠢᠯᠡᠨ ᠪᠦᠲᠦᠬᠦ 》ᠭᠡᠮᠡᠨ ᠠᠢᠯᠠᠳᠤᠯ᠎ᠠ᠃
2026.04.30
ᠮᠣᠷᠢ ᠵᠢᠯ ᠂ ᠯᠤᠤ ᠰᠠᠷ᠎ᠠ ᠶ᠋ᠢᠨ 14 ᠦ᠌ ᠬᠥᠬᠡ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ ᠄
ᠨᠢᠭᠡ ᠬᠥᠮᠦᠨ᠄《 ᠨᠢᠭᠤᠴᠠ ᠲᠠᠷᠨᠢ ᠭᠡᠵᠦ ᠶᠠᠭᠤᠨ ᠪᠣᠢ 》 ᠭᠡᠵᠦ ᠠᠰᠠᠭᠤᠨ᠎ᠠ ᠃ ᠢᠲᠡᠭᠡᠯᠲᠦ ᠪᠠᠭᠰᠢ ᠄《 ᠭᠠᠳᠠᠭᠠᠳᠤ ᠳᠣᠲᠣᠭᠠᠳᠤ ᠶᠢᠷᠲᠢᠨᠴᠦ ᠳ᠋ᠦ᠍ ᠰᠠᠢᠨ ᠦᠢᠯᠡ ᠦᠢᠯᠡᠳᠬᠦ ᠪᠣᠯ ᠰᠡᠳᠬᠢᠯ ᠦ᠋ᠨ ᠨᠢᠭᠤᠴᠠ ᠨᠡᠭᠡᠭᠡᠭᠳᠡᠨ᠎ᠡ 》ᠭᠡᠮᠡᠨ ᠠᠢᠯᠠᠳᠤᠯ᠎ᠠ᠃
ᠢᠷᠡᠯᠲᠡ᠄ ᠢᠪᠠᠯᠭ᠎ᠠ ᠶ᠋ᠢᠨ ᠳ᠋ᠠᠼᠠᠩ 《 ᠬᠠᠮᠪᠤ ᠶ᠋ᠢᠨ ᠬᠦᠷᠢᠶ᠎ᠡ》
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ
