ᠮᠣᠩᠭᠣᠯ ᠭᠡᠷ  ᠦ᠋ᠨ ᠮᠠᠭᠲᠠᠭᠠᠯ-ᠬᠢᠷᠠᠭᠤMongol geriin magtaal-KhyaruuМонгол гэрийн магтаал-Хяруу ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠡᠷ  ᠦ᠋ᠨ ᠮᠠᠭᠲᠠᠭᠠᠯ-ᠬᠢᠷᠠᠭᠤMongol geriin magtaal-KhyaruuМонгол гэрийн магтаал-Хяруу

ᠮᠣᠩᠭᠣᠯ ᠭᠡᠷ  ᠦ᠋ᠨ ᠮᠠᠭᠲᠠᠭᠠᠯ-ᠬᠢᠷᠠᠭᠤMongol geriin magtaal-KhyaruuМонгол гэрийн магтаал-Хяруу

2026-05-04

29

ᠮᠣᠩᠭᠣᠯ ᠭᠡᠷ  ᠦ᠋ᠨ ᠮᠠᠭᠲᠠᠭᠠᠯ


       ᠳᠡᠭᠡᠳᠦ ᠮᠣᠩᠭᠣᠯ ᠠᠷᠠᠳ  ᠤ᠋ᠨ ᠳᠠᠭᠤᠤ 
        ᠳᠠᠭᠤᠴᠢᠨ᠄ ᠬᠢᠷᠠᠭᠤ 

 ᠠᠢᠵᠠᠮ ᠳ᠋ᠤ᠌  
 ᠣᠭᠲᠠᠷᠭᠤᠢ  ᠶ᠋ᠢᠨ ᠨᠠᠷᠠ  ᠶ᠋ᠢ 
 ᠣᠷᠣᠢ ᠳᠡᠭᠡᠷ᠎ᠡ  ᠪᠡᠨ ᠮᠠᠨᠳᠤᠭᠤᠯᠤᠭᠠᠳ 
 ᠣᠯᠠᠨ ᠲᠦᠮᠡᠨ ᠪᠦᠭᠦᠳᠡᠭᠡᠷ  ᠢ᠋ᠶ᠋ᠡᠨ 
 ᠠᠷᠢᠬᠢᠳᠠᠨ ᠬᠠᠮᠲᠤ  ᠪᠠᠷ ᠨᠠᠢᠷᠯᠠᠶ᠎ᠠ 
 ᠵᠡᠪᠢᠲᠡᠢ ᠵᠡᠪᠢᠲᠡᠢ 

 ᠠᠢᠵᠠᠮ ᠳ᠋ᠤ᠌  
 ᠳᠥᠴᠢᠨ ᠳᠥᠷᠪᠡᠨ ᠲᠡᠷᠮ᠎ᠡ  ᠲᠡᠢ 
 ᠳᠥᠷᠪᠡᠨ ᠮᠢᠩᠭᠠᠨ ᠣᠨᠢ  ᠲᠠᠢ
 ᠳ᠋ᠥ᠋ᠩᠬᠢᠯᠡ ᠴᠠᠭᠠᠨ ᠥᠷᠭᠥᠭᠡ  ᠪᠡᠨ
 ᠦᠷᠤᠬᠦᠨ ᠡᠷᠲᠡ ᠳ᠋ᠥ᠋ᠩᠬᠢᠯᠠᠭᠠᠳ

 ᠠᠢᠵᠠᠮ ᠳ᠋ᠤ᠌
 ᠪᠠᠷᠰ ᠴᠢᠨᠣ᠎ᠠ  ᠶ᠋ᠢᠨ ᠠᠷᠠᠰᠤ  ᠪᠠᠷ
 ᠪᠠᠷᠭᠠᠳ ᠲᠤᠭᠤᠷᠭ᠎ᠠ  ᠪᠠᠨ ᠪᠠᠢᠭᠤᠯᠤᠭᠠᠳ
 ᠪᠠᠲᠤ ᠪᠡᠬᠢ ᠶᠣᠩᠬᠣᠷ  ᠢ᠋ᠶ᠋ᠠᠷ
 ᠣᠭᠣᠰᠣᠷ ᠪᠦᠴᠡ  ᠪᠡᠨ ᠪᠠᠢᠭᠤᠯᠤᠭᠠᠳ
 ᠵᠠᠪᠢᠲᠠᠢ ᠵᠠᠪᠢᠲᠠᠢ

 ᠠᠢᠵᠠᠮ ᠳ᠋ᠤ᠌
 ᠵᠦᠷ ᠴᠢᠨᠣ᠎ᠠ ᠠᠷᠠᠰᠤ  ᠪᠠᠷ
 ᠵᠡᠭᠦᠨ ᠲᠤᠭᠤᠷᠭ᠎ᠠ  ᠪᠠᠨ ᠪᠠᠢᠭᠤᠯᠤᠭᠠᠳ
 ᠵᠢᠰᠦᠨ ᠵᠦᠢᠯ  ᠦ᠋ᠨ ᠶᠣᠩᠬᠣᠷ  ᠢ᠋ᠶ᠋ᠠᠷ
 ᠣᠭᠣᠰᠣᠷ ᠪᠦᠴᠡ  ᠪᠡᠨ ᠪᠠᠢᠭᠤᠯᠤᠭᠠᠳ
 ᠵᠠᠪᠢᠲᠠᠢ ᠵᠠᠪᠢᠲᠠᠢ 

 ᠠᠢᠵᠠᠮ ᠳ᠋ᠤ᠌
 ᠥᠯ ᠪᠤᠭᠤ ᠠᠷᠠᠰᠤ  ᠪᠠᠷ
 ᠡᠮᠦᠨᠡᠲᠦ ᠲᠤᠭᠤᠷᠭ᠎ᠠ  ᠪᠠᠨ ᠪᠠᠢᠭᠤᠯᠤᠭᠠᠳ
 ᠡᠯᠳᠡᠪ ᠵᠦᠢᠯ  ᠦ᠋ᠨ ᠶᠣᠩᠬᠣᠷ  ᠢ᠋ᠶ᠋ᠠᠷ
 ᠣᠭᠣᠰᠣᠷ ᠪᠦᠴᠡ  ᠪᠡᠨ ᠪᠠᠢᠭᠤᠯᠤᠭᠠᠳ
 ᠵᠠᠪᠢᠲᠠᠢ ᠵᠠᠪᠢᠲᠠᠢ

 ᠠᠢᠵᠠᠮ ᠳ᠋ᠤ᠌
 ᠬᠣᠯᠠ ᠪᠤᠭᠤ  ᠶ᠋ᠢᠨ ᠠᠷᠠᠰᠤ  ᠪᠠᠷ
 ᠬᠣᠢᠲᠤ ᠲᠤᠭᠤᠷᠭ᠎ᠠ ᠪᠠᠨ ᠪᠠᠢᠭᠤᠯᠤᠭᠠᠳ
 ᠬᠣᠷᠢᠨ ᠵᠦᠢᠯ ᠦ᠋ᠨ ᠶᠣᠩᠬᠣᠷ  ᠢ᠋ᠶ᠋ᠠᠷ
 ᠣᠭᠣᠰᠣᠷ ᠪᠦᠴᠡ  ᠪᠡᠨ ᠪᠠᠢᠭᠤᠯᠤᠭᠠᠳ
 ᠵᠠᠪᠢᠲᠠᠢ ᠵᠠᠪᠢᠲᠠᠢ

 ᠠᠢᠵᠠᠮ  ᠳ᠋ᠤ᠌
 ᠡᠩᠨᠡᠭᠡ ᠭᠤᠷᠪᠠᠨ ᠣᠭᠣᠰᠣᠷ  ᠲᠠᠢ
 ᠡᠷᠭᠡᠪᠴᠢ ᠲᠣᠷᠭᠠᠨ ᠡᠷᠦᠬᠡ  ᠲᠡᠢ
 ᠲᠠᠵᠢ ᠲᠣᠷᠭᠠᠨ ᠬᠥᠰᠢᠭᠡ  ᠲᠡᠢ
 ᠲᠠᠩᠨᠠᠢ ᠳᠥᠷᠪᠡᠨ ᠣᠭᠣᠰᠣᠷ  ᠲᠠᠢ
 ᠵᠠᠪᠢᠲᠠᠢ ᠵᠠᠪᠢᠲᠠᠢ
 
 ᠠᠢᠵᠠᠮ ᠳ᠋ᠤ᠌
 ᠣᠭᠲᠠᠷᠭᠤᠢ  ᠶ᠋ᠢᠨ ᠨᠠᠷᠠ  ᠶ᠋ᠢ
 ᠣᠷᠣᠢ ᠳᠡᠭᠡᠷ᠎ᠡ  ᠪᠡᠨ ᠮᠠᠨᠳᠤᠭᠤᠯᠤᠭᠠᠳ
 ᠣᠯᠠᠨ ᠲᠦᠮᠡᠨ ᠪᠦᠭᠦᠳᠡᠭᠡᠷ  ᠢ᠋ᠶ᠋ᠡᠨ
 ᠠᠷᠢᠬᠢᠳᠠᠨ ᠬᠠᠮᠲᠤ  ᠪᠠᠷ ᠨᠠᠢᠷᠯᠠᠶ᠎ᠠ
 ᠵᠡᠪᠢᠲᠡᠢ ᠵᠡᠪᠢᠲᠡᠢ 
 ᠵᠠᠪᠢᠲᠠᠢ ᠵᠠᠪᠢᠲᠠᠢ

        ᠦᠰᠦᠭ ᠠᠮᠢᠯᠠᠭᠤᠯᠤᠭᠴᠢ᠄ ᠰᠡᠴᠡᠨᠬᠡᠷᠡᠯ
        ᠬᠢᠨᠠᠭᠴᠢ ᠪᠠᠭᠰᠢ᠄ ᠠᠯᠲᠠᠨᠴᠡᠴᠡᠭ