ᠠᠶᠠᠯᠠᠨ ᠡᠵᠢ ᠳ᠋ᠦ᠍ ᠮᠢᠨᠢ ᠰᠣᠨᠣᠰᠬᠠᠭᠠᠴᠢ-ᠣ᠊ ∙ ᠪᠠᠳᠨᠠᠨᠢᠩᠪᠤᠤAyalan eejid mini sonsgoochАялан ээжид минь сонсгооч - О.Баднаанямбуу
ᠠᠶᠠᠯᠠᠨ ᠡᠵᠢ ᠳ᠋ᠦ᠍ ᠮᠢᠨᠢ ᠰᠣᠨᠣᠰᠬᠠᠭᠠᠴᠢ
ᠦᠭᠡ᠄ ᠷ• ᠪᠤᠶᠠᠨᠳᠡᠯᠭᠡᠷ
ᠠᠶ᠎ᠠ᠄ ᠰ• ᠪᠦᠲᠢᠳ
ᠳᠠᠭᠤᠴᠢᠨ᠄ ᠣ• ᠪᠠᠳᠨᠠᠨᠢᠩᠪᠤ
ᠠᠶᠠᠰ ᠤ᠋ᠨ ᠵᠥᠭᠡᠯᠡᠨ ᠰᠠᠯᠬᠢ ᠮᠢᠨᠢ ᠴᠢ
ᠠᠮᠤᠷ ᠮᠡᠨᠳᠦ ᠶ᠋ᠢ ᠮᠢᠨᠢ ᠬᠦᠷᠭᠡᠭᠡᠳ
ᠲᠡᠷᠲᠡᠭᠡ ᠬᠣᠯᠠ ᠴᠤ᠌ ᠦᠷ᠎ᠡ ᠪᠡᠨ ᠡᠩᠬᠦᠷᠡᠢᠯᠡᠭᠰᠡᠨ
ᠡᠵᠢ ᠶ᠋ᠢᠨ ᠮᠢᠨᠢ ᠰᠡᠳᠬᠢᠯ ᠢ᠋ ᠪᠠᠶᠠᠰᠬᠠᠭᠠᠴᠢ ᠳᠠ᠃
ᠲᠠᠯ᠎ᠠ ᠶ᠋ᠢᠨ ᠠᠷᠢᠭᠤᠨ ᠰᠠᠯᠬᠢ ᠮᠢᠨᠢ ᠴᠢ
ᠲᠥᠷᠥᠭᠰᠡᠨ ᠭᠡᠷ ᠲᠦ᠍ ᠮᠢᠨᠢ ᠣᠴᠢᠭᠠᠳ
ᠰᠠᠨᠠᠵᠤ ᠮᠥᠷᠥᠭᠡᠳᠦᠨ ᠶᠠᠪᠤᠭ᠎ᠠ ᠶ᠋ᠢ ᠮᠢᠨᠢ
ᠰᠠᠢᠬᠠᠨ ᠡᠵᠢ ᠳ᠋ᠦ᠍ ᠮᠢᠨᠢ ᠬᠡᠯᠡᠭᠡᠷᠡᠢ᠃
ᠡᠬᠡ ᠶ᠋ᠢᠨ ᠢ᠋ᠶ᠋ᠡᠨ ᠬᠠᠢᠷ᠎ᠠ ᠶ᠋ᠢ ᠪᠢᠰᠢᠷᠡᠨ ᠰᠠᠭᠤᠵᠤ
ᠡᠭᠡᠰᠢᠭᠯᠡᠨ ᠠᠶᠠᠯᠤᠭᠰᠠᠨ ᠳᠠᠭᠤᠤ ᠶ᠋ᠢ ᠮᠢᠨᠢ
ᠠᠮᠢᠰᠬᠤᠯ ᠵᠥᠭᠡᠯᠡᠨ ᠰᠠᠯᠬᠢ ᠮᠢᠨᠢ ᠴᠢ
ᠠᠶᠠᠯᠵᠤ ᠡᠵᠢ ᠳ᠋ᠦ᠍ ᠮᠢᠨᠢ ᠰᠣᠨᠣᠰᠬᠠᠭᠠᠴᠢ ᠳᠠ
ᠠᠮᠢᠰᠬᠤᠯ ᠵᠥᠭᠡᠯᠡᠨ ᠰᠠᠯᠬᠢ ᠮᠢᠨᠢ ᠴᠢ
ᠠᠶᠠᠯᠵᠤ ᠡᠵᠢ ᠳ᠋ᠦ᠍ ᠮᠢᠨᠢ ᠰᠣᠨᠣᠰᠬᠠᠭᠠᠴᠢ ᠠ᠋᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
