ᠠᠮᠤᠭᠤᠯᠠᠩ ᠬᠥᠳᠡᠭᠡ -ᠠ᠊᠂ ᠪᠠᠰᠠᠩᠳᠡᠯᠭᠡᠷ Amgalan khödöö-A,BaasandelgerАмгалан хөдөө-А,Баасандэлгэр
ᠠᠮᠤᠭᠤᠯᠠᠩ ᠬᠥᠳᠡᠭᠡ
ᠦᠭᠡ᠂ ᠠᠶ᠎ᠠ᠄ ᠠ᠋᠊᠂ ᠲᠦᠳᠦᠪ
ᠳᠠᠭᠤᠴᠢᠨ᠄ ᠠ᠊᠂ ᠪᠠᠰᠠᠩᠳᠡᠯᠭᠡᠷ
ᠬᠠᠯᠲᠠᠷ ᠠᠷᠭᠠᠯ ᠲᠤᠯᠭᠠᠨ ᠳ᠋ᠤ᠌ ᠪᠠᠨ ᠵᠡᠷᠭᠡᠯᠡᠬᠦ ᠳ᠋ᠦ᠍
ᠠᠷᠭᠠᠯ ᠤ᠋ᠨ ᠤᠲᠤᠭ᠎ᠠ ᠰᠤᠭᠤᠨᠠᠭᠬᠠᠨ ᠬᠦᠪᠦᠷᠡᠭᠡᠳ
ᠬᠣᠲᠠ ᠠᠢᠯ ᠤ᠋ᠨ ᠮᠢᠨᠢ ᠰᠦᠷᠦᠭ ᠨᠠᠯᠠᠢᠭᠰᠠᠨ
ᠬᠥᠳᠡᠭᠡ ᠨᠤᠲᠤᠭ ᠮᠢᠨᠢ ᠠᠮᠤᠷ ᠠᠮᠤᠭᠤᠯᠠᠩ
ᠰᠤᠭᠤᠨᠠᠭ ᠴᠡᠩᠬᠡᠷ ᠤᠨᠢᠶᠠᠷ ᠲᠠᠲᠠᠭᠠᠳ
ᠭᠤᠷᠮᠤᠰᠤᠨ ᠠᠭᠤᠯᠠᠰ ᠮᠢᠨᠢ ᠨᠠᠮ᠎ᠠ ᠶ᠋ᠢ ᠢᠪᠡᠭᠡᠨ᠎ᠡ
ᠬᠠᠷᠠᠭ᠎ᠠ ᠴᠤᠴᠠᠮ᠎ᠠ ᠴᠡᠯᠡᠭᠡᠷ ᠭᠣᠪᠢ ᠶ᠋ᠢᠨ ᠮᠢᠨᠢ
ᠬᠣᠯᠠ ᠶ᠋ᠢᠨ ᠵᠡᠷᠭᠡᠯᠭᠡ ᠨᠠᠭᠤᠷ ᠰᠢᠭ᠋ ᠮᠢᠷᠠᠯᠵᠠᠨ᠎ᠠ
ᠨᠠᠮᠬᠠᠨ ᠪᠣᠷᠣ ᠲᠤᠯᠤᠭᠠᠳ ᠢ᠋ᠶ᠋ᠠᠨ ᠬᠠᠷᠠᠬᠤ ᠪᠠᠷ
ᠨᠠᠮ᠎ᠠ ᠶ᠋ᠢ ᠥᠰᠬᠡᠭᠰᠡᠨ ᠠᠪᠤ ᠮᠢᠨᠢ ᠰᠠᠨᠠᠭᠳᠠᠨ᠎ᠠ
ᠪᠤᠴᠠᠬᠤ ᠰᠢᠪᠠᠭᠤᠳ ᠤ᠋ᠨ ᠭᠠᠩᠭᠠᠨᠠᠬᠤ ᠠᠶᠠᠯᠭᠤᠨ ᠳ᠋ᠤ᠌
ᠠᠯᠤᠰ ᠲᠤ᠌ ᠰᠠᠭᠤᠭ᠎ᠠ ᠡᠵᠢ ᠮᠢᠨᠢ ᠪᠣᠳᠣᠭᠳᠠᠨ᠎ᠠ
ᠴᠢᠮᠡᠭᠡ ᠠᠨᠢᠷ ᠦᠭᠡᠢ ᠬᠥᠳᠡᠭᠡ ᠨᠤᠲᠤᠭ ᠳ᠋ᠤ᠌ ᠪᠠᠨ
ᠬᠥᠮᠦᠨ ᠠᠷᠠᠳ ᠤ᠋ᠨ ᠮᠢᠨᠢ ᠰᠡᠳᠬᠢᠯ ᠠᠮᠤᠭᠤᠯᠠᠩ
ᠠᠢᠯᠴᠢᠨ ᠭᠡᠢᠴᠢᠨ ᠬᠦᠷᠦᠯᠴᠡᠨ ᠢᠷᠡᠬᠦ ᠳ᠋ᠦ᠍
ᠨᠤᠲᠤᠭ ᠤᠰᠤ ᠪᠠᠷ ᠢ᠋ᠶ᠋ᠠᠨ ᠨᠠᠢᠷ ᠤ᠋ᠨ ᠳᠤᠭᠤᠷ᠎ᠠ ᠲᠠᠢ
ᠪᠤᠴᠠᠬᠤ ᠰᠢᠪᠠᠭᠤᠳ ᠤ᠋ᠨ ᠭᠠᠩᠭᠠᠨᠠᠬᠤ ᠠᠶᠠᠯᠭᠤᠨ ᠳ᠋ᠤ᠌
ᠠᠯᠤᠰ ᠲᠤ᠌ ᠰᠠᠭᠤᠭ᠎ᠠ ᠡᠵᠢ ᠮᠢᠨᠢ ᠪᠣᠳᠣᠭᠳᠠᠨ᠎ᠠ
ᠰᠤᠭᠤᠨᠠᠭ ᠴᠡᠩᠬᠡᠷ ᠤᠨᠢᠶᠠᠷ ᠲᠠᠲᠠᠭᠠᠳ
ᠭᠤᠷᠮᠤᠰᠤᠨ ᠠᠭᠤᠯᠠᠰ ᠮᠢᠨᠢ ᠨᠠᠮ᠎ᠠ ᠶ᠋ᠢ ᠢᠪᠡᠭᠡᠨ᠎ᠡ
ᠬᠥᠳᠡᠭᠡ ᠨᠤᠲᠤᠭ ᠮᠢᠨᠢ ᠠᠮᠤᠷ ᠠᠮᠤᠭᠤᠯᠠᠩ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠬᠢᠨᠠᠭᠴᠢ᠄ ᠣᠳᠬᠠᠨᠰᠸ᠎ᠠ᠂ ᠪᠤᠤ ᠰᠠᠷᠠᠨ᠎ᠠ
