ᠠᠷᠢᠭᠤᠨ ᠴᠢᠨᠠᠷ ᠲᠠᠢ ᠠᠭᠤᠤ ᠮᠣᠩᠭᠣᠯ -ᠬᠠᠰᠪᠠᠲᠤАригун чанартай агуу монгол-Хасбат
ᠠᠷᠢᠭᠤᠨ ᠴᠢᠨᠠᠷ ᠲᠠᠢ ᠠᠭᠤᠤ ᠮᠣᠩᠭᠣᠯ
ᠵᠣᠬᠢᠶᠠᠭᠴᠢ᠄ ᠬᠠᠰᠪᠠᠲᠤ
ᠤᠶᠠᠩᠭᠠᠯᠠᠭᠴᠢ᠄
ᠰᠡᠴᠡᠩᠭᠤᠸ᠋ᠠ
ᠥᠨᠥᠴᠢᠨ ᠥᠷᠥᠭᠡᠰᠦᠨ ᠢ᠋ ᠡᠷᠭᠦᠨ ᠲᠡᠳᠬᠦᠳᠡᠭ
ᠥᠷᠥᠪᠴᠢᠬᠡᠨ ᠰᠡᠳᠬᠢᠯ ᠲᠡᠢ ᠮᠣᠩᠭᠣᠯ ᠤᠭᠰᠠᠭᠠᠲᠠᠨ
ᠦᠭᠡ ᠬᠡᠯᠡ ᠪᠡᠷ ᠢ᠋ᠶ᠋ᠡᠨ ᠡᠪᠡᠳᠴᠢᠨ ᠠᠨᠠᠭᠠᠳᠠᠭ
ᠦᠨᠡᠬᠡᠷ ᠭᠠᠢᠬᠠᠮᠰᠢᠭ ᠲᠠᠢ ᠮᠣᠩᠭᠣᠯ ᠶᠠᠰᠤᠲᠠᠨ
ᠡᠬᠡ ᠪᠠᠢᠭᠠᠯᠢ ᠪᠠᠨ ᠬᠠᠢᠷᠠᠯᠠᠨ ᠠᠰᠢᠭᠯᠠᠳᠠᠭ
ᠡᠷᠡᠭᠦᠯ ᠰᠡᠳᠬᠢᠴᠡ ᠲᠡᠢ ᠮᠣᠩᠭᠣᠯ ᠢᠵᠠᠭᠤᠷᠲᠠᠨ
ᠡᠨᠡᠷᠢᠯ ᠬᠠᠢᠷ᠎ᠠ ᠶ᠋ᠢ ᠲᠡᠷᠢᠭᠦᠨ ᠳ᠋ᠦ᠍ ᠲᠠᠯᠪᠢᠳᠠᠭ
ᠡᠶᠡᠷᠡᠬᠦ ᠡᠨᠧᠷᠭᠢ ᠲᠡᠢ ᠮᠣᠩᠭᠣᠯ ᠤᠳᠤᠮ ᠤ᠋ᠨ ᠬᠢᠨ
ᠠᠮᠢᠲᠠᠨ ᠭᠣᠣᠯᠳᠠᠨ ᠤ᠋ ᠰᠡᠳᠬᠢᠯ ᠢ᠋ ᠣᠢᠯᠠᠭᠠᠵᠤ
ᠠᠷᠭᠠᠳᠠᠵᠤ ᠨᠣᠮᠤᠳᠬᠠᠳᠠᠭ ᠠᠭᠤᠤ ᠤᠬᠠᠭᠠᠨᠲᠠᠨ
ᠠᠴᠢᠯᠠᠯ ᠵᠢᠷᠤᠮ ᠢ᠋ ᠳᠡᠭᠡᠳᠦᠯᠡᠵᠦ ᠶᠠᠪᠤᠳᠠᠭ
ᠠᠷᠢᠭᠤᠨ ᠰᠡᠳᠬᠢᠯ ᠲᠡᠢ ᠮᠣᠩᠭᠣᠯ ᠣᠪᠣᠭ ᠤ᠋ᠨ ᠬᠢᠨ
ᠰᠠᠢᠬᠠᠨ ᠪᠦᠬᠦᠨ ᠢ᠋ᠶ᠋ᠡᠨ ᠭᠠᠢᠬᠠᠭᠤᠯᠵᠤ ᠬᠠᠷᠠᠭᠤᠯᠳᠠᠭ
ᠰᠠᠨᠠᠭ᠎ᠠ ᠴᠠᠢᠯᠭᠠᠨ ᠮᠠᠨ ᠤ᠋ ᠮᠣᠩᠭᠣᠯ ᠤ᠋ᠨ ᠬᠢᠨ
ᠰᠠᠷ᠎ᠠ ᠨᠠᠷᠠ ᠪᠠᠨ ᠰᠢᠳᠦᠨ ᠰᠦᠵᠢᠷᠡᠳᠡᠭ
ᠰᠠᠢᠨ ᠳᠡᠭᠡᠳᠦᠰ ᠲᠡᠢ ᠮᠠᠨ ᠤ᠋ ᠮᠣᠩᠭᠣᠯᠴᠤᠳ
ᠡᠯᠳᠡᠪ ᠵᠦᠢᠯ ᠦ᠋ᠨ ᠤᠷ᠎ᠠ ᠠᠪᠢᠶᠠᠰ ᠲᠠᠢ
ᠡᠪᠦᠭᠡᠳ ᠡᠴᠡ ᠪᠡᠨ ᠤᠯᠠᠮᠵᠢᠯᠠᠯ ᠲᠠᠢ ᠮᠣᠩᠭᠣᠯ ᠤᠳᠤᠮ ᠤ᠋ᠨ ᠬᠢᠨ
ᠡᠰᠡᠷᠸ᠎ᠠ ᠲᠩᠷᠢ ᠲᠡᠢ ᠪᠡᠨ ᠬᠠᠷᠢᠴᠠᠵᠤ ᠴᠢᠳᠠᠳᠠᠭ
ᠡᠭᠦᠰᠦᠯ ᠨᠢ ᠴᠡᠪᠡᠷ ᠮᠠᠨ ᠤ᠋ ᠮᠣᠩᠭᠣᠯ ᠤᠭᠰᠠᠭ᠎ᠠ
ᠪᠤᠰᠤᠳ ᠦᠨᠳᠦᠰᠦᠲᠡᠨ ᠡᠴᠡ ᠣᠨᠴᠠᠯᠢᠬᠳᠠᠬᠤ
ᠪᠣᠯᠪᠠᠰᠤᠨ ᠰᠣᠶᠣᠯ ᠲᠠᠢ ᠮᠠᠨ ᠤ᠋ ᠮᠣᠩᠭᠣᠯ
ᠪᠤᠶᠠᠨ ᠦᠢᠯᠡᠳᠬᠦ ᠶ᠋ᠢ ᠪᠣᠳᠣᠵᠤ ᠶᠠᠪᠤᠳᠠᠭ
ᠪᠣᠰᠤᠭ᠎ᠠ ᠦᠰᠦᠭ ᠪᠢᠴᠢᠭ ᠲᠡᠢ ᠮᠠᠨ ᠤ᠋ ᠮᠣᠩᠭᠣᠯ ᠲᠤᠭᠤᠷᠭᠠᠲᠠᠨ
ᠳᠡᠯᠡᠬᠡᠢ ᠳ᠋ᠠᠬᠢᠨ ᠳ᠋ᠤ᠌ ᠮᠡᠳᠡᠷᠡᠭᠳᠡᠭᠰᠡᠨ
ᠳᠡᠭᠡᠳᠦᠰ ᠡᠴᠡ ᠪᠡᠨ ᠠᠷᠢᠭᠤᠨ ᠮᠠᠨ ᠤ᠋ ᠮᠣᠩᠭᠣᠯ
ᠳᠠᠮ ᠳᠠᠮ ᠳ᠋ᠤ᠌ ᠪᠠᠨ ᠭᠡᠵᠦ ᠲᠡᠳᠬᠦᠵᠦ ᠲᠡᠩᠬᠡᠷᠡᠭᠦᠯᠳᠡᠭ
ᠳᠡᠩᠳᠡᠭᠦᠦ ᠴᠠᠭᠠᠪᠤᠷ ᠮᠠᠨ ᠤ᠋ ᠮᠣᠩᠭᠣᠯ ᠢᠵᠠᠭᠤᠷᠲᠠᠳ᠁
ᠤᠯᠠᠭᠠᠨ ᠮᠣᠷᠢᠨ
ᠵᠢᠯ ᠦ᠋ᠨ ᠬᠠᠪᠤᠷ ᠤ᠋ᠨ ᠰᠡᠭᠦᠯ ᠰᠠᠷ᠎ᠠ ᠶ᠋ᠢᠨ ᠰᠢᠨ᠎ᠡ ᠶ᠋ᠢᠨ ᠶᠢᠰᠦᠨ
ᠦᠰᠦᠭ ᠠᠮᠢᠯᠠᠭᠤᠯᠤᠭᠴᠢ᠄
ᠬᠠᠨ ᠱᠢ ᠵᠢᠶᠦ᠋ᠨ
ᠦᠰᠦᠭ ᠬᠠᠳᠠᠭᠴᠢ᠄
ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ
