ᠬᠦᠩ ᠦ᠋ᠨ ᠵᠣᠣ ᠶ᠋ᠢᠨ ᠭᠡᠭᠡᠨ ᠦ᠌ ᠰᠤᠷᠭᠠᠯХүнгийн жуугийн гэгээний сургаал ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠩ ᠦ᠋ᠨ ᠵᠣᠣ ᠶ᠋ᠢᠨ ᠭᠡᠭᠡᠨ ᠦ᠌ ᠰᠤᠷᠭᠠᠯХүнгийн жуугийн гэгээний сургаал

ᠬᠦᠩ ᠦ᠋ᠨ ᠵᠣᠣ ᠶ᠋ᠢᠨ ᠭᠡᠭᠡᠨ ᠦ᠌ ᠰᠤᠷᠭᠠᠯХүнгийн жуугийн гэгээний сургаал

2026-05-02

2

ᠬᠦᠩ ᠦ᠋ᠨ ᠵᠣᠣ ᠶ᠋ᠢᠨ ᠭᠡᠭᠡᠨ ᠦ᠌ ᠰᠤᠷᠭᠠᠯ


ᠡᠷᠳᠡᠨᠢᠰ ᠬᠠᠰ ᠨᠣᠮᠢᠨ ᠦᠵᠡᠰᠬᠦᠯᠡᠩ ᠪᠣᠯᠪᠠᠴᠤ 
ᠡᠳ᠋ ᠡᠰᠡ ᠵᠠᠰᠠᠪᠠᠰᠤ ᠬᠡᠷᠡᠭ ᠦᠭᠡᠢ ᠴᠢᠯᠠᠭᠤᠨ᠂
ᠡᠷᠬᠢᠮ ᠰᠠᠢᠬᠠᠨ ᠬᠥᠮᠦᠨ ᠪᠡᠶ᠎ᠡ ᠯᠠᠭᠱᠠᠨ ᠲᠡᠭᠦᠰ ᠪᠣᠯᠪᠠᠴᠤ 
ᠡᠷᠳᠡᠮ ᠡᠰᠡ ᠰᠤᠷᠭᠠᠪᠠᠰᠤ ᠴᠢᠨᠠᠷ ᠦᠭᠡᠢ ᠮᠠᠬᠠᠪᠣᠳ᠃

ᠪᠢᠷ ᠪᠡᠬᠡ ᠡᠷᠢᠶᠡᠯᠡᠨ ᠤᠳᠬ᠎ᠠ ᠤᠶᠠᠩᠭ᠎ᠠ᠎ᠳ᠋ᠤᠷ ᠰᠢᠮᠳᠠᠪᠠᠯ 
ᠪᠢᠯᠢᠭ ᠡᠷᠳᠡᠮ ᠲᠡᠭᠦᠰᠬᠡᠬᠦ ᠶᠣᠰᠣ ᠨᠣᠮᠯᠠᠯ ᠢᠯᠡᠷᠬᠡᠢ᠂
ᠪᠡᠶ᠎ᠡ ᠭᠡᠷ᠎ᠦ᠋ᠨ ᠶᠠᠪᠤᠳᠠᠯ ᠪᠠ ᠤᠯᠤᠰ ᠲᠥᠷᠥ᠎ᠶ᠋ᠢᠨ ᠬᠡᠷᠡᠭ ᠲᠤᠷ 
ᠪᠢᠴᠢᠭ ᠨᠣᠮ᠎ᠤ᠋ᠨ ᠠᠴᠢ ᠲᠤᠰᠠ ᠲᠦᠮᠡᠨ ᠦᠶ᠎ᠡ ᠲᠣᠳᠣᠷᠬᠠᠢ᠃

ᠪᠢᠴᠢᠭᠡᠴᠢ ᠪᠠ ᠲᠠᠷᠢᠶᠠᠴᠢ ᠬᠤᠳᠠᠯᠳᠤᠭᠴᠢ ᠤᠷᠠᠴᠤᠳ
ᠪᠢᠰᠢ ᠪᠠᠰᠠ ᠵᠠᠭᠤᠨ ᠵᠦᠢᠯ᠎ᠦ᠋ᠨ ᠦᠢᠯᠡᠳᠬᠦ ᠶᠠᠪᠤᠳᠠᠯ᠂
ᠪᠢᠯᠢᠭ ᠡᠷᠳᠡᠮ ᠠᠷᠭ᠎ᠠ ᠴᠢᠳᠠᠯ ᠲᠥᠯᠥᠪ ᠥᠪᠡᠷ᠎ᠡ ᠪᠣᠯᠪᠠᠴᠤ
ᠪᠡᠶ᠎ᠡ ᠭᠡᠷ᠎ᠢ᠋ ᠬᠥᠭᠵᠢᠭᠦᠯᠬᠦ ᠬᠡᠷᠡᠭ ᠪᠦᠷᠢᠨ ᠠᠳᠠᠯᠢ᠃

ᠪᠠᠭ᠎ᠠ ᠴᠠᠭ᠎ᠤ᠋ᠨ ᠪᠠᠯᠠᠢᠷᠠᠯ᠎ᠢ᠋ ᠪᠠᠭᠰᠢ ᠶᠡᠬᠡᠰ ᠭᠠᠷᠭᠠᠮᠤᠢ
ᠪᠠᠳᠠᠷᠠᠩᠭᠤᠢ ᠠᠯᠳᠠᠷ ᠨᠡᠷ᠎ᠡ᠎ᠶ᠋ᠢ ᠪᠤᠰᠤᠳ᠎ᠠᠴᠠ ᠥᠭᠭᠦᠮᠦᠢ᠂
ᠪᠠᠭᠤᠷᠠᠬᠤ᠎ᠶ᠋ᠢᠨ ᠳᠣᠷᠣᠢᠲᠠᠯ᠎ᠢ᠋ ᠥᠪᠡᠷ᠎ᠢ᠋ᠶ᠋ᠡᠨ ᠣᠯᠤᠮᠤᠢ
ᠪᠠᠢᠵᠢ ᠪᠠᠢᠵᠢ ᠪᠠᠭ᠎ᠠ ᠭᠡᠪᠡᠯ ᠬᠣᠵᠢᠮᠳᠠᠬᠤ ᠪᠣᠯᠤᠮᠤᠢ᠃

ᠪᠠᠭᠰᠢ ᠯᠤᠭ᠎ᠠ ᠰᠢᠳᠠᠷᠯᠠᠵᠤ ᠨᠥᠬᠥᠷ᠎ᠯᠦ᠍ᠭᠡ ᠨᠠᠢᠷᠠᠮᠳᠠᠨ
ᠪᠠᠯᠠᠢ ᠭᠡᠮᠡᠨ ᠠᠰᠠᠭᠤᠵᠤ ᠰᠡᠴᠡᠨ ᠭᠡᠮᠡᠨ ᠰᠣᠷᠣᠯᠲᠠᠢ᠂
ᠪᠠᠭᠤᠷᠠᠢ᠎ᠶ᠋ᠢ ᠲᠤᠰᠠᠯᠠᠵᠤ ᠬᠦᠴᠦᠷᠬᠡᠭ᠎ᠢ᠋ ᠠᠷᠭᠠᠳᠠᠨ
ᠪᠠᠶᠠᠯᠢᠭ ᠴᠣ ᠶᠣᠰᠣᠯᠠᠯᠲᠠᠢ ᠦᠭᠡᠢᠭᠦᠦ ᠴᠦ᠍ ᠴᠡᠩᠭᠡᠯᠲᠡᠢ᠃

ᠪᠢ ᠭᠡᠮᠡᠨ ᠭᠠᠢᠬᠠᠭᠤᠯᠬᠤ ᠪᠠᠷᠳᠠᠮ ᠵᠠᠩ᠎ᠢ᠋ ᠭᠡᠭᠡᠯᠲᠡᠢ
ᠪᠢᠰᠢᠷᠡᠯᠲᠡᠢ ᠵᠥᠪᠰᠢᠶᠡᠮᠡᠷ ᠪᠣᠯᠭᠣᠮᠵᠢᠲᠠᠢ ᠪᠣᠯᠤᠭᠲᠤᠨ᠂
ᠪᠢᠯᠢᠭ ᠡᠷᠳᠡᠮ ᠪᠠᠶᠠᠨ ᠨᠣᠶᠠᠨ ᠬᠡᠳᠦᠢ ᠡᠷᠬᠢᠮ ᠪᠣᠯᠪᠠᠴᠤ
ᠪᠡᠶ᠎ᠡ ᠳᠣᠣᠷ᠎ᠠ ᠰᠡᠳᠬᠢᠯ ᠬᠥᠩᠭᠡᠨ ᠶᠠᠪᠤᠪᠠᠰᠤ ᠵᠣᠬᠢᠮᠤᠢ᠃

ᠴᠢᠬᠢᠨ᠎ᠳ᠋ᠡᠭᠡᠨ ᠰᠢᠩᠭᠡᠭᠦᠯᠵᠦ ᠨᠢᠳᠦᠨ᠎ᠳ᠋ᠡᠭᠡᠨ ᠰᠢᠷᠲᠡᠭᠡᠳ
ᠴᠡᠭᠡᠵᠢᠨ᠎ᠳ᠋ᠦ᠍ᠷ ᠠᠭᠤᠯᠵᠤ ᠰᠡᠳᠬᠢᠯ᠎ᠳ᠋ᠡᠭᠡᠨ ᠲᠡᠮᠳᠡᠭᠯᠡ᠂
ᠴᠢᠩᠭ᠎ᠠ ᠵᠣᠷᠢᠭ ᠡᠭᠦᠰᠬᠡᠵᠦ ᠪᠢᠰᠢᠯᠭᠠᠬᠤ ᠪᠣᠯᠪᠠᠰᠤ
ᠴᠢᠩ ᠦᠨᠡᠨ ᠰᠤᠷᠤᠯᠭ᠎ᠠ᠎ᠶ᠋ᠢ ᠲᠡᠭᠦᠰᠬᠡᠬᠦ ᠪᠣᠯᠤᠮᠤᠢ᠃

ᠬᠡᠳᠦᠢ ᠶᠡᠬᠡ ᠪᠢᠴᠢᠭ ᠰᠤᠳᠤᠷ᠎ᠢ᠋ ᠲᠡᠭᠦᠰᠦᠭᠰᠡᠨ ᠪᠣᠯᠪᠠᠴᠤ
ᠬᠡᠷᠡᠭᠯᠡᠵᠦ ᠴᠢᠳᠠᠬᠤ᠎ᠶ᠋ᠢ ᠡᠷᠳᠡᠮ ᠭᠡᠮᠡᠨ ᠮᠡᠳᠡᠯᠲᠡᠢ᠂
ᠭᠡᠷ᠎ᠦ᠋ᠨ ᠶᠣᠰᠣ ᠲᠥᠷᠥ᠎ᠶ᠋ᠢᠨ ᠵᠠᠷᠴᠢᠮ᠎ᠢ᠋ ᠨᠡᠪᠲᠡᠷᠡᠭᠰᠡᠨ ᠪᠣᠯᠪᠠᠴᠤ
ᠬᠢᠴᠢᠶᠡᠩᠭᠦᠢ ᠰᠢᠳᠤᠷᠭᠤ᠎ᠶ᠋ᠢ ᠭᠣᠣᠯᠴᠢ ᠪᠣᠯᠭᠠᠨ ᠶᠠᠪᠤᠯᠲᠠᠢ᠃

ᠬᠥᠭᠡᠷᠦᠬᠦᠢᠯᠡᠨ ᠴᠢᠳᠠᠪᠠᠰᠤ ᠥᠷᠥᠰᠢᠶᠡᠯ ᠪᠢᠰᠢ ᠤᠤ
ᠬᠦᠨᠳᠦᠯᠡᠵᠦ ᠴᠢᠳᠠᠪᠠᠰᠤ ᠵᠢᠷᠤᠮ ᠪᠤᠰᠤ ᠶᠠᠭᠤᠨ ᠪᠣᠢ᠂
ᠬᠥᠩᠭᠡᠮᠰᠦᠭᠯᠡᠨ ᠴᠢᠳᠠᠪᠠᠰᠤ ᠶᠣᠰᠣᠯᠠᠯᠲᠠᠢ ᠪᠤᠰᠤ ᠤᠤ
ᠬᠦᠯᠢᠴᠡᠵᠦ ᠴᠢᠳᠠᠪᠠᠰᠤ ᠮᠡᠷᠭᠡᠨ ᠪᠤᠰᠤ ᠶᠠᠭᠤᠨ ᠪᠣᠢ᠃

ᠤᠬᠠᠭᠠᠨ᠎ᠤ᠋ ᠮᠡᠷᠭᠡᠨ ᠣᠨᠣᠯ ᠬᠡᠳᠦᠢ ᠬᠤᠷᠴᠠ ᠪᠣᠯᠪᠠᠴᠤ
ᠤᠰᠬᠠᠯ᠎ᠢ᠋ᠶ᠋ᠠᠷ ᠨᠥᠬᠥᠷ ᠨᠠᠢᠵᠠ ᠲᠠᠲᠠᠪᠠᠰᠤ ᠵᠣᠬᠢᠮᠤᠢ᠂
ᠣᠯᠠᠨ ᠨᠡᠢᠲᠡ᠎ᠶ᠋ᠢᠨ ᠲᠤᠰᠠᠯᠠᠨ᠎ᠢ᠋ ᠡᠷᠢᠬᠦ ᠪᠣᠯᠪᠠᠰᠤ
ᠣᠨᠴᠠ ᠪᠡᠶ᠎ᠡ᠎ᠶ᠋ᠢᠨ ᠬᠡᠷᠡᠭ ᠦᠢᠯᠡᠰ ᠠᠶᠠᠨᠳᠠᠭᠠᠨ ᠪᠦᠲᠦᠮᠦᠢ᠃

ᠵᠢᠷᠭᠠᠯᠠᠩ᠎ᠤ᠋ᠨ ᠨᠥᠬᠥᠴᠡᠯ᠎ᠢ᠋ ᠪᠦᠷᠢᠳᠬᠡᠬᠦ ᠶᠣᠰᠤᠨ᠎ᠠ
ᠵᠢᠷᠤᠮ ᠪᠤᠰᠤ ᠠᠰᠢᠭ ᠡᠳ᠋᠎ᠢ᠋ ᠲᠡᠪᠴᠢᠪᠡᠰᠦ ᠵᠣᠬᠢᠮᠤᠢ᠂
ᠵᠢᠯ ᠴᠠᠭ᠎ᠤ᠋ᠨ ᠡᠯᠪᠡᠭ ᠬᠣᠪᠣᠷ ᠬᠢᠴᠢᠶᠡᠯ᠎ᠢ᠋ ᠬᠦᠨᠳᠦᠳᠬᠡᠨ
ᠵᠠᠶᠠᠭ᠎ᠠ᠎ᠪᠠᠨ ᠡᠳ᠋ᠯᠡᠪᠡᠰᠦ ᠦᠨᠡᠨ ᠪᠠᠲᠤ ᠬᠥᠷᠥᠩᠭᠡ᠃

ᠵᠢᠳᠬᠦᠮᠵᠢᠲᠡᠢ ᠶᠠᠪᠤᠭᠴᠢᠳ᠎ᠢ᠋ ᠥᠷᠨᠢᠭᠦᠯᠦᠨ ᠱᠠᠩᠨᠠᠵᠤ
ᠵᠢᠭᠰᠢᠭᠦᠷᠢᠲᠡᠢ ᠶᠠᠪᠤᠭᠴᠢᠳ᠎ᠢ᠋ ᠵᠠᠯᠬᠠᠭᠠᠬᠤ ᠪᠣᠯᠪᠠ ᠤᠤ᠂
ᠵᠢᠷᠤᠮᠲᠠᠨ᠎ᠢ᠋ ᠰᠠᠢᠰᠢᠶᠠᠵᠤ ᠡᠷᠳᠡᠮᠲᠡᠨ᠎ᠢ᠋ ᠡᠷᠭᠦᠪᠡᠯ
ᠵᠢᠪᠬᠤᠯᠠᠩᠲᠤ ᠡᠷᠬᠡ ᠬᠦᠴᠦᠨ ᠴᠤᠭᠯᠠᠷᠠᠵᠤ ᠮᠠᠨᠳᠤᠮᠤᠢ᠃

ᠴᠢᠩᠭᠢᠰ ᠪᠣᠭᠳᠠ᠎ᠶ᠋ᠢᠨ ᠦᠷᠡᠰ ᠭᠡᠮᠡᠨ ᠡᠷᠬᠡ ᠬᠦᠴᠦᠨ ᠮᠠᠨᠳᠤᠵᠤ
ᠴᠢᠳᠠᠯ ᠡᠷᠬᠡ ᠪᠤᠶᠠᠨ ᠴᠡᠩᠭᠡᠯ ᠡᠳᠦᠭᠡ᠎ᠳ᠋ᠦ᠍ᠷ ᠬᠦᠷᠴᠦᠬᠦᠢ᠂
ᠴᠢᠩ ᠪᠠᠲᠤ ᠦᠨᠳᠦᠰᠦᠨ᠎ᠦ᠌ ᠰᠠᠯᠠᠭ᠎ᠠ ᠪᠠ ᠰᠠᠯᠪᠤᠷᠢ
ᠴᠢᠨᠠᠷ ᠬᠦᠨᠳᠦ ᠤᠭᠰᠠᠭ᠎ᠠ᠎ᠪᠠᠨ ᠬᠦᠨᠳᠦᠳᠬᠡᠵᠦ ᠬᠠᠢᠷᠠᠯᠠ᠃

    ᠢᠰᠢᠳᠠᠨᠽᠠᠨᠸᠠᠩᠵᠠᠯ᠎ᠤ᠋ᠨ ᠰᠤᠷᠭᠠᠯ᠎ᠢ᠋— ᠪ· ᠬᠡᠰᠢᠭᠳᠠᠯᠠᠢ ᠠᠬ᠎ᠠ᠎ᠶ᠋ᠢᠨ
    ᠬᠠᠭᠤᠴᠢᠨ ᠦᠰᠦᠨ ᠪᠢᠷ᠎ᠦ᠋ᠨ ᠪᠢᠴᠢᠯᠭᠡ᠎ᠡᠴᠡ ᠠᠶᠣᠷᠽᠠᠨ᠎ᠠ ᠬᠠᠭᠤᠯᠤᠨ ᠪᠢᠴᠢᠪᠡᠢ
                             2026.4.26᠎ᠳ᠋ᠤ᠌   
    ᠵᠥᠪ ᠪᠢᠴᠢᠯᠭᠡ ᠴᠤᠭᠯᠠᠷᠠᠯ᠎ᠳ᠋ᠤ᠌
    ᠬᠢᠨᠠᠭᠴᠢ᠄ ᠣᠳᠬᠠᠨᠰᠣ᠎ᠠ