ᠰᠤᠷᠭᠠᠭᠤᠯᠢ ᠮᠢᠨᠢ ᠪᠠᠶᠠᠷᠲᠠᠢ -ᠰᠠᠷᠠᠨᠲᠤᠶᠠᠭ᠎ᠠSurguuli mini bayartai-SarantuyaaСургуули минь баяртай-Сарантуяа
ᠰᠤᠷᠭᠠᠭᠤᠯᠢ ᠮᠢᠨᠢ ᠪᠠᠶᠠᠷᠲᠠᠢ
ᠦᠭᠡ᠄ ᠲᠠᠰᠬᠢ
ᠠᠶ᠎ᠠ᠄ ᠮᠠᠨᠳᠤᠬᠤ
ᠳᠠᠭᠤᠴᠢᠨ᠄ ᠰᠠᠷᠠᠨᠲᠤᠶᠠᠭ᠎ᠠ
ᠤᠰᠤᠨ ᠤ᠋ ᠰᠢᠪᠠᠭᠤᠳ ᠤᠯᠠᠷᠢᠯ ᠤ᠋ᠨ ᠥᠩᠭᠡ ᠪᠡᠷ
ᠠᠯᠤᠰᠷᠠᠨ ᠬᠣᠯᠠᠳᠬᠤ ᠲᠡᠷᠡ ᠮᠥᠴᠡ ᠪᠡᠷ
ᠬᠡᠭᠡᠷ᠎ᠡ ᠶ᠋ᠢᠨ ᠰᠠᠯᠬᠢᠨ ᠳ᠋ᠤ᠌ ᠡᠷᠬᠡᠯᠡᠭᠦᠯᠦᠭᠰᠡᠨ
ᠬᠡᠦᠬᠡᠳ ᠨᠠᠰᠤ ᠪᠠᠨ ᠬᠥᠳᠡᠭᠡ ᠣᠷᠬᠢᠭᠠᠳ ᠢᠷᠡᠯ᠎ᠡ
ᠣᠴᠣᠭ ᠤ᠋ᠨ ᠴᠢᠯᠠᠭᠤ ᠰᠢᠬ ᠮᠥᠩᠬᠡ ᠠᠮᠢᠲᠠᠢ
ᠤᠤᠭᠠᠯ ᠰᠣᠶᠣᠯ ᠤ᠋ᠨ ᠭᠣᠯᠣᠮᠲᠠ ᠳ᠋ᠤ᠌
ᠦᠶ᠎ᠡ ᠶ᠋ᠢᠨ ᠣᠯᠠᠨ ᠠᠨᠳᠠ ᠨᠥᠬᠥᠳ ᠲᠡᠢ ᠪᠡᠨ
ᠡᠷᠳᠡᠮ ᠦ᠋ᠨ ᠭᠠᠯ ᠢ᠋ ᠬᠠᠮᠲᠤ ᠳ᠋ᠠᠭᠠᠨ ᠪᠢᠳᠡ ᠴᠠᠬᠢᠯᠠ
ᠭᠡᠭᠡᠨ ᠨᠠᠰᠤᠨ ᠤ᠋ ᠨᠥᠬᠥᠷᠯᠡᠯ ᠮᠥᠩᠬᠡᠷᠡᠭᠰᠡᠨ
ᠬᠢᠴᠢᠶᠡᠯ ᠦ᠋ᠨ ᠲᠠᠩᠬᠢᠮ ᠮᠢᠨᠢ ᠪᠠᠶᠠᠷᠲᠠᠢ
ᠬᠥᠬᠡ ᠲᠤᠯᠭᠠᠲᠠᠨ ᠤ᠋ ᠭᠠᠯ ᠢ᠋ ᠮᠠᠨᠠᠭᠰᠠᠨ
ᠬᠥᠰᠢᠶᠡᠨ ᠴᠢᠯᠠᠭᠤ ᠲᠠᠢ ᠰᠤᠷᠭᠠᠭᠤᠯᠢ ᠮᠢᠨᠢ ᠪᠠᠶᠠᠷᠲᠠᠢ᠃
ᠡᠬᠡ ᠰᠤᠷᠭᠠᠭᠤᠯᠢ ᠶ᠋ᠢᠨ ᠶ᠋ᠢᠠᠨ ᠡᠯᠢᠭᠡᠨ ᠡᠴᠡ ᠡᠷᠳᠡᠮ ᠦ᠋ᠨ ᠵᠢᠯᠣᠭᠣ ᠶ᠋ᠢ ᠰᠣᠢᠭᠰᠠᠨ ᠬᠠᠢᠷᠠᠲᠤ ᠳᠡᠭᠦᠦ ᠨᠠᠷ ᠲᠠᠭᠠᠨ ᠬᠠᠨ ᠬᠣᠷᠸ᠎ᠠ ᠶ᠋ᠢᠨ ᠬᠠᠮᠤᠭ ᠤ᠋ᠨ ᠰᠠᠢᠨ ᠰᠠᠢᠬᠠᠨ ᠪᠦᠬᠦᠨ ᠢ᠋ ᠬᠦᠰᠡᠨ ᠬᠤᠷᠤᠢᠯᠠᠶ᠎ᠠ᠃
ᠮᠠᠷᠲᠠᠵᠤ ᠪᠣᠯᠣᠰᠢ ᠦᠭᠡᠢ ᠳᠠᠷᠬᠠᠨ ᠰᠣᠶᠣᠯ ᠤ᠋ᠨ
ᠣᠴᠢ ᠦᠰᠦᠷᠦᠭᠰᠡᠨ ᠨᠣᠮ ᠤ᠋ᠨ ᠬᠠᠭᠤᠳᠠᠰᠤ
ᠡᠷᠳᠡᠮᠲᠦ ᠪᠠᠭᠰᠢ ᠶ᠋ᠢᠨ ᠮᠢᠨᠢ ᠥᠨᠢᠳᠡ ᠶ᠋ᠢᠨ ᠵᠠᠬᠢᠶᠠᠰᠤ
ᠢᠷᠠᠭᠤ ᠡᠭᠡᠰᠢᠭᠲᠦ ᠠᠶᠠᠯᠭᠤ ᠪᠣᠯᠤᠨ ᠦᠯᠡᠲᠡᠯ᠎ᠡ
ᠠᠯᠳᠠᠵᠤ ᠪᠣᠯᠣᠰᠢ ᠦᠭᠡᠢ ᠬᠤᠪᠢ ᠲᠠᠪᠢᠯᠠᠩ ᠤ᠋ᠨ
ᠤᠤᠬᠠᠶ᠋ᠢᠯᠠᠯ ᠰᠢᠷᠤᠩᠬᠠᠶ᠋ᠢᠯᠠᠭᠰᠠᠨ ᠭᠤᠷᠪᠠᠨ ᠣᠨ ᠮᠢᠨᠢ
ᠰᠡᠭᠦᠯᠴᠢ ᠶ᠋ᠢᠨ ᠬᠢᠴᠢᠶᠡᠯ ᠦ᠋ᠨ ᠬᠣᠩᠬᠣᠨ ᠳᠠᠭᠤᠨ ᠳ᠋ᠤ᠌
ᠰᠡᠳᠬᠢᠯ ᠦ᠋ᠨ ᠤᠶᠠᠩᠭᠠᠲᠤ ᠴᠢᠪᠬᠠᠳᠠᠰᠤ ᠪᠣᠯᠤᠨ ᠦᠯᠡᠲᠡᠯ᠎ᠡ
ᠭᠡᠭᠡᠨ ᠨᠠᠰᠤᠨ ᠤ᠋ ᠨᠥᠬᠥᠷᠯᠡᠯ ᠮᠥᠩᠬᠡᠷᠡᠭᠰᠡᠨ
ᠬᠢᠴᠢᠶᠡᠯ ᠦ᠋ᠨ ᠲᠠᠩᠬᠢᠮ ᠮᠢᠨᠢ ᠪᠠᠶᠠᠷᠲᠠᠢ᠃
ᠬᠥᠬᠡ ᠲᠣᠯᠭᠠᠲᠠᠨ ᠤ᠋ ᠭᠠᠯ ᠢ᠋ ᠮᠠᠨᠠᠭᠰᠠᠨ
ᠬᠥᠰᠢᠶᠡᠨ ᠴᠢᠯᠠᠭᠤ ᠲᠠᠢ ᠰᠤᠷᠭᠠᠭᠤᠯᠢ ᠮᠢᠨᠢ ᠪᠠᠶᠠᠷᠲᠠᠢ
ᠭᠡᠭᠡᠨ ᠨᠠᠰᠤᠨ ᠤ᠋ ᠨᠥᠬᠥᠷᠯᠡᠯ ᠮᠥᠩᠬᠡᠷᠡᠭᠰᠡᠨ
ᠬᠢᠴᠢᠶᠡᠯ ᠦ᠋ᠨ ᠲᠠᠩᠬᠢᠮ ᠮᠢᠨᠢ ᠪᠠᠶᠠᠷᠲᠠᠢ ᠃
ᠬᠥᠬᠡ ᠲᠣᠯᠭᠠᠲᠠᠨ ᠤ᠋ ᠭᠠᠯ ᠢ᠋ ᠮᠠᠨᠠᠭᠰᠠᠨ
ᠬᠥᠰᠢᠶᠡᠨ ᠴᠢᠯᠠᠭᠤ ᠲᠠᠢ ᠰᠤᠷᠭᠠᠭᠤᠯᠢ ᠮᠢᠨᠢ ᠪᠠᠶᠠᠷᠲᠠᠢ᠃
ᠰᠤᠷᠭᠠᠭᠤᠯᠢ ᠮᠢᠨᠢ ᠪᠠᠶᠠᠷᠲᠠᠢ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
