ᠳᠡᠯᠡᠬᠡᠢ ᠡᠵᠢ -Naagjii Дэлхий ээж-Delkhii eej
ᠳᠡᠯᠡᠬᠡᠢ ᠡᠵᠢ
ᠦᠭᠡ᠄ ᠭ·ᠮᠠᠨᠳᠤᠠᠤᠭ᠌ᠶᠤ᠌
ᠠᠶ᠎ᠠ᠄ ᠷ· ᠡᠩᠬᠡᠪᠠᠽᠠᠷ
ᠳᠠᠭᠤᠴᠢᠨ᠄Naagjii
ᠡᠵᠡᠨ ᠪᠢᠳᠡᠨ ᠦ᠌ ᠠᠯᠲᠠᠨ ᠬᠥᠮᠥᠷᠭᠡ
ᠡᠩ ᠦᠭᠡᠢ ᠲᠠᠩᠰᠤᠭ ᠪᠠᠢᠭᠠᠯᠢ ᠳ᠋ᠤ᠌ ᠪᠠᠨ ᠬᠠᠢᠷᠠᠲᠠᠢ
ᠡᠷᠡᠨ ᠵᠠᠭᠤᠨ ᠤ᠋ ᠨᠠᠷᠠᠨ ᠳ᠋ᠧᠩᠯᠦ
ᠡᠷᠳᠡᠨᠢᠲᠦ ᠬᠥᠮᠦᠨ ᠦ᠌ ᠪᠦᠲᠦᠭᠡᠯ ᠳ᠋ᠦ᠍ ᠬᠠᠢᠷᠠᠲᠠᠢ
ᠬᠥᠮᠦᠨ ᠲᠥᠷᠥᠯᠬᠢᠲᠡᠨ ᠢ᠋ ᠬᠡᠪᠡᠯᠢ ᠡᠴᠡ ᠪᠡᠨ ᠲᠥᠷᠥᠭᠦᠯᠵᠦ
ᠬᠦᠦ ᠶ᠋ᠢᠨ ᠶᠣᠰᠣ ᠪᠠᠷ ᠡᠯᠢᠭᠡᠨ ᠳ᠋ᠦ᠍ ᠪᠡᠨ ᠲᠡᠪᠡᠷᠢᠭᠰᠡᠨ
ᠳᠡᠯᠡᠬᠡᠢ ᠡᠵᠢ ᠲᠠᠨ ᠳ᠋ᠤ᠌ ᠪᠠᠨ ᠪᠢᠳᠡ ᠬᠠᠢᠷᠠᠲᠠᠢ
ᠳᠡᠯᠡᠬᠡᠢ ᠡᠵᠢ ᠲᠠᠨ ᠳ᠋ᠤ᠌ ᠪᠠᠨ ᠬᠠᠢᠷᠠᠲᠠᠢ ᠪᠣᠯᠬᠣᠷ
ᠳᠡᠯᠡᠬᠡᠢ ᠡᠵᠢ ᠲᠠ ᠮᠥᠩᠬᠡ ᠨᠠᠰᠤ ᠲᠠᠢ
ᠲᠦᠮᠡᠨ ᠦᠶ᠎ᠡ ᠶ᠋ᠢᠨ ᠪᠠᠭᠠᠲᠤᠷᠯᠢᠭ ᠲᠤᠤᠯᠢᠰ
ᠲᠡᠭᠦᠯᠳᠡᠷ ᠪᠠᠶᠠᠨ ᠲᠡᠦᠬᠡᠨ ᠳ᠋ᠦ᠍ ᠪᠡᠨ ᠬᠠᠢᠷᠠᠲᠠᠢ
ᠣᠨᠢᠰᠣᠨ ᠬᠦᠯᠦᠭ ᠢ᠋ᠶ᠋ᠡᠷ ᠣᠷᠣᠨ ᠵᠠᠢ ᠶ᠋ᠢ ᠢᠯᠠᠭᠰᠠᠨ
ᠣᠶᠤᠨ ᠪᠢᠯᠢᠭᠲᠦ ᠬᠥᠮᠦᠰ ᠲᠦ᠍ ᠬᠠᠢᠷᠠᠲᠠᠢ
ᠬᠥᠮᠦᠨ ᠲᠥᠷᠥᠯᠬᠢᠲᠡᠨ ᠢ᠋ ᠬᠡᠪᠡᠯᠢ ᠡᠴᠡ ᠪᠡᠨ ᠲᠥᠷᠥᠭᠦᠯᠵᠦ
ᠬᠦᠦ ᠶ᠋ᠢᠨ ᠶᠣᠰᠣ ᠪᠠᠷ ᠡᠯᠢᠭᠡᠨ ᠳ᠋ᠦ᠍ ᠪᠡᠨ ᠲᠡᠪᠡᠷᠢᠭᠰᠡᠨ
ᠳᠡᠯᠡᠬᠡᠢ ᠡᠵᠢ ᠲᠠᠨ ᠳ᠋ᠤ᠌ ᠪᠠᠨ ᠪᠢᠳᠡ ᠬᠠᠢᠷᠠᠲᠠᠢ
ᠳᠡᠯᠡᠬᠡᠢ ᠡᠵᠢ ᠲᠠᠨ ᠳ᠋ᠤ᠌ ᠪᠠᠨ ᠬᠠᠢᠷᠠᠲᠠᠢ ᠪᠣᠯᠬᠣᠷ
ᠳᠡᠯᠡᠬᠡᠢ ᠡᠵᠢ ᠲᠠ ᠮᠥᠩᠬᠡ ᠨᠠᠰᠤ ᠲᠠᠢ
ᠣᠳᠣᠳ ᠤ᠋ᠨ ᠳᠤᠮᠳᠠ ᠠ᠋ᠴᠠ ᠢᠵᠢᠯᠢ ᠪᠡᠨ ᠬᠠᠢᠭᠰᠠᠨ
ᠣᠩᠭᠣᠨ ᠵᠠᠯᠠᠭᠤ ᠬᠦᠰᠡᠯ ᠳ᠋ᠦ᠍ ᠪᠡᠨ ᠬᠠᠢᠷᠠᠲᠠᠢ
ᠬᠣᠣᠰ ᠦᠭᠡᠢ ᠪᠦᠬᠦᠨ ᠢ᠋ ᠲᠡᠪᠡᠷᠢᠵᠦ ᠤᠭᠲᠤᠬᠤ
ᠬᠣᠢᠴᠢ ᠦᠶ᠎ᠡ ᠶ᠋ᠢᠨ ᠢᠲᠡᠭᠡᠯ ᠳ᠋ᠦ᠍ ᠬᠠᠢᠷᠠᠲᠠᠢ
ᠬᠥᠮᠦᠨ ᠲᠥᠷᠥᠯᠬᠢᠲᠡᠨ ᠢ᠋ ᠬᠡᠪᠡᠯᠢ ᠡᠴᠡ ᠪᠡᠨ ᠲᠥᠷᠥᠭᠦᠯᠵᠦ
ᠬᠦᠦ ᠶ᠋ᠢᠨ ᠶᠣᠰᠣ ᠪᠠᠷ ᠡᠯᠢᠭᠡᠨ ᠳ᠋ᠦ᠍ ᠪᠡᠨ ᠲᠡᠪᠡᠷᠢᠭᠰᠡᠨ
ᠳᠡᠯᠡᠬᠡᠢ ᠡᠵᠢ ᠲᠠᠨ ᠳ᠋ᠤ᠌ ᠪᠠᠨ ᠪᠢᠳᠡ ᠬᠠᠢᠷᠠᠲᠠᠢ
ᠳᠡᠯᠡᠬᠡᠢ ᠡᠵᠢ ᠲᠠᠨ ᠳ᠋ᠤ᠌ ᠪᠠᠨ ᠬᠠᠢᠷᠠᠲᠠᠢ ᠪᠣᠯᠬᠣᠷ
ᠳᠡᠯᠡᠬᠡᠢ ᠡᠵᠢ ᠲᠠ ᠮᠥᠩᠬᠡ ᠨᠠᠰᠤ ᠲᠠᠢ
ᠬᠥᠮᠦᠨ ᠲᠥᠷᠥᠯᠬᠢᠲᠡᠨ ᠢ᠋ ᠬᠡᠪᠡᠯᠢ ᠡᠴᠡ ᠪᠡᠨ ᠲᠥᠷᠥᠭᠦᠯᠵᠦ
ᠬᠦᠦ ᠶ᠋ᠢᠨ ᠶᠣᠰᠣ ᠪᠠᠷ ᠡᠯᠢᠭᠡᠨ ᠳ᠋ᠦ᠍ ᠪᠡᠨ ᠲᠡᠪᠡᠷᠢᠭᠰᠡᠨ
ᠳᠡᠯᠡᠬᠡᠢ ᠡᠵᠢ ᠲᠠᠨ ᠳ᠋ᠤ᠌ ᠪᠠᠨ ᠪᠢᠳᠡ ᠬᠠᠢᠷᠠᠲᠠᠢ
ᠳᠡᠯᠡᠬᠡᠢ ᠡᠵᠢ ᠲᠠᠨ ᠳ᠋ᠤ᠌ ᠬᠠᠢᠷᠠᠲᠠᠢ ᠪᠣᠯᠬᠣᠷ
ᠳᠡᠯᠡᠬᠡᠢ ᠡᠵᠢ ᠲᠠ ᠮᠥᠩᠬᠡ ᠨᠠᠰᠤ ᠲᠠᠢ
ᠳᠡᠯᠡᠬᠡᠢ ᠡᠵᠢ ᠲᠠᠨ ᠳ᠋ᠤ᠌ ᠪᠠᠨ ᠬᠦᠦ ᠨᠢ ᠬᠠᠢᠷᠠᠲᠠᠢ
ᠳᠡᠯᠡᠬᠡᠢ ᠡᠵᠢ ᠲᠠᠨ ᠳ᠋ᠤ᠌ ᠪᠢᠳᠡ ᠬᠠᠢᠷᠠᠲᠠᠢ
ᠳᠡᠯᠡᠬᠡᠢ ᠡᠵᠢ ᠲᠠᠨ ᠳ᠋ᠤ᠌ ᠪᠠᠨ ᠪᠢᠳᠡ ᠬᠠᠢᠷᠠᠲᠠᠢ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
