ᠭᠠᠭᠴᠠᠬᠠᠨ ᠡᠵᠢ ᠳᠦ ᠪᠡᠨ ᠤᠩᠰᠢᠬᠤ ᠰᠢᠯᠦᠭ - ᠵᠣᠬᠢᠶᠠᠭᠴᠢ᠄ ᠴᠤᠤᠳᠠᠯ ᠤᠨ ᠬᠤᠯᠠᠨ᠂ᠤᠶᠠᠩᠭᠠᠯᠠᠭᠴᠢ᠄ ᠬᠤᠷ᠎ᠠ· ᠲᠤᠤᠯᠢᠶᠠ Ганцхан ээждээ унших шүлэг - зохиогч᠄ Цоодлын Хулан᠂уянгалагч᠄ Хур· Дуулья
ᠭᠠᠭᠴᠠᠬᠠᠨ ᠡᠵᠢ ᠳᠦ ᠪᠡᠨ ᠤᠩᠰᠢᠬᠤ ᠰᠢᠯᠦᠭ
ᠤᠶᠠᠩᠭᠠᠯᠠᠭᠴᠢ᠄ ᠬᠤᠷ᠎ᠠ·ᠲᠤᠤᠯᠢᠶᠠ
ᠨᠠᠮᠤᠷ ᠤ᠋ᠨ ᠠᠭᠤᠯᠠᠨ᠎ᠠ ᠪᠤᠭᠤ ᠶ᠋ᠢᠨ ᠤᠷᠤᠮᠳᠠᠬᠤ ᠶ᠋ᠢ ᠰᠣᠨᠣᠰᠤᠭᠠᠷᠠᠢ
ᠨᠠᠮᠠᠶ᠋ᠢ ᠤᠬᠠᠭᠠᠵᠢᠬᠤ ᠶ᠋ᠢ ᠦᠵᠡᠬᠦ ᠭᠡᠵᠦ ᠡᠵᠢ ᠮᠢᠨᠢ ᠲᠠ ᠤᠷᠲᠤ ᠨᠠᠰᠤᠯᠠᠭᠠᠷᠠᠢ
ᠮᠠᠨᠴᠤᠢ ᠳ᠋ᠠᠭᠠᠨ ᠢᠷᠡᠵᠦ ᠲᠠᠨ ᠢ᠋ ᠪᠡᠨ ᠪᠢ
ᠭᠠᠭᠴᠠᠬᠠᠨ ᠤᠳᠠᠭ᠎ᠠ ᠵᠢᠷᠭᠠᠭᠠᠭᠰᠠᠨ
ᠮᠠᠭᠠᠳ ᠦᠭᠡᠢ ᠲᠡᠭᠦᠨ ᠡᠴᠡ ᠬᠣᠢᠰᠢ ᠲᠠᠩᠳᠠ ᠪᠠᠨ ᠵᠣᠪᠠᠭᠠᠭᠰᠠᠨ
ᠭᠠᠭᠴᠠᠬᠠᠨ ᠨᠠᠮᠠᠶ᠋ᠢ ᠭᠡᠵᠦ ᠡᠵᠢ ᠲᠠ
ᠭᠠᠵᠠᠷ ᠳᠡᠭᠡᠷ᠎ᠡ ᠬᠡᠴᠢᠨᠡᠨ ᠤᠪᠠᠳᠢᠰ ᠲᠠᠢ ᠲᠥᠷᠥᠭᠰᠡᠨ ᠶᠦ᠍ᠮ ᠪᠣᠢ ?
ᠪᠠᠷᠢᠭᠤᠪᠴᠢ ᠶ᠋ᠢ ᠮᠢᠨᠢ ᠡᠰᠬᠡᠵᠦ᠂ ᠬᠤᠷᠢᠮ ᠤ᠋ᠨ ᠡᠮᠦᠰᠬᠡᠯ ᠴᠢᠮᠡᠭᠯᠡᠵᠦ
ᠪᠠᠯᠴᠢᠷ ᠠ᠋ᠴᠠ ᠮᠢᠨᠢ ᠡᠳᠦᠢ ᠬᠦᠷᠲᠡᠯ᠎ᠡ ᠲᠠ ᠣᠶᠣᠳᠠᠯᠴᠢᠨ ᠶᠠᠪᠤᠯ᠎ᠠ
ᠣᠲᠠᠴᠢ ᠮᠠᠨᠠᠯ ᠤ᠋ᠨ ᠬᠤᠪᠢᠯᠭᠠᠨ ᠡᠢᠮᠦ ᠪᠠᠢᠳᠠᠭ ᠤᠤ ᠭᠡᠯᠲᠡᠢ
ᠣᠷᠣᠨ ᠳᠡᠭᠡᠷ᠎ᠡ ᠡᠴᠡ ᠮᠢᠨᠢ ᠠᠯᠭᠠᠰᠠᠯ ᠦᠭᠡᠢ ᠲᠣᠩᠭᠣᠢᠵᠤ
ᠳᠡᠷᠡᠨ ᠳᠡᠭᠡᠷ᠎ᠡ ᠨᠠᠮᠠᠶ᠋ᠢ ᠪᠦᠯᠢᠶᠡᠷᠡᠵᠦ ᠬᠣᠨᠣᠬᠤ ᠪᠣᠯᠭᠠᠨ ᠳ᠋ᠤ᠌
ᠳᠡᠯᠡᠬᠡᠢ ᠳ᠋ᠦ᠍ ᠬᠠᠮᠤᠭ ᠤ᠋ᠨ ᠰᠠᠢᠨ ᠡᠮᠴᠢ ᠮᠢᠨᠢ ᠲᠠ ᠯᠠ ᠪᠠᠢᠯ᠎ᠠ
ᠠᠭᠠᠰᠢ ᠪᠠᠨ ᠡᠪᠳᠡᠨ ᠡᠷᠬᠡᠯᠡᠵᠦ ᠶᠠᠳᠠᠭᠰᠠᠨ ᠨᠠᠮᠠᠶ᠋ᠢ ᠠᠷᠭᠠᠳᠠᠭᠰᠠᠨ ᠳ᠋ᠠᠭᠠᠨ
ᠠᠯᠢᠶᠠᠯᠠᠭᠴᠢ ᠪᠣᠯᠵᠤ ᠡᠮᠦᠨ᠎ᠡ ᠮᠢᠨᠢ ᠲᠠ ᠡᠷᠭᠢᠯᠳᠦᠭᠰᠡᠨ
《ᠠ》 ᠦᠰᠦᠭ ᠢ᠋ ᠪᠢᠴᠢᠬᠦ ᠭᠡᠳ ᠪᠤᠳᠤᠯᠢᠵᠤ ᠴᠥᠬᠥᠵᠦ ᠰᠠᠭᠤᠬᠤ ᠳ᠋ᠤ᠌ ᠮᠢᠨᠢ
ᠠᠯᠳᠠᠭ᠎ᠠ ᠲᠠᠢ ᠪᠠᠢᠬᠤ ᠳ᠋ᠤ᠌ ᠮᠢᠨᠢ
ᠤᠯᠠᠢᠮ᠎ᠠ ᠴᠠᠢᠮ᠎ᠠ《ᠣᠨᠴᠠ》 ᠲᠠᠯᠪᠢᠳᠠᠭ ᠪᠠᠭᠰᠢ ᠶᠠᠪᠤᠯ᠎ᠠ
ᠴᠠᠭ ᠣᠷᠣᠢᠲᠠᠭᠰᠠᠨ ᠪᠣᠯᠵᠣᠭᠠᠨ ᠠ᠋ᠴᠠ ᠡᠷᠭᠢᠵᠦ ᠢᠷᠡᠬᠦ ᠳ᠋ᠦ᠍
ᠴᠠᠭᠳᠠᠭ᠎ᠠ᠂ ᠡᠰᠡᠬᠦᠯ᠎ᠡ ᠡᠭᠦᠳᠡᠨ ᠦ᠌ ᠮᠠᠨᠠᠭᠠᠴᠢ
ᠰᠠᠷ᠎ᠠ ᠨᠠᠷᠠᠨ ᠤ᠋ ᠡᠭᠡᠯᠵᠢ ᠦᠭᠡᠢ ᠭᠠᠯ ᠰᠠᠬᠢᠭᠰᠠᠨ ᠲᠣᠭᠣᠭᠠᠴᠢ
ᠰᠠᠩ ᠤ᠋ᠨ ᠪᠣᠢᠪᠣᠷ ᠲᠤ ᠠᠷᠴᠠ ᠤᠭᠤᠭᠢᠭᠤᠯᠵᠤ ᠮᠠᠨᠢ ᠤᠩᠰᠢᠭᠰᠠᠨ ᠯᠠᠮᠠ ᠠ᠋ ᠁
ᠰᠢᠬᠦᠷ ᠲᠡᠭᠷᠢ ᠶ᠋ᠢᠨ ᠳᠣᠣᠷ᠎ᠠ ᠠᠯᠳᠠᠵᠤ ᠡᠨᠳᠡᠬᠦ ᠲᠣᠭᠠᠯᠠᠩ ᠳ᠋ᠤ᠌ ᠮᠢᠨᠢ
ᠰᠢᠭᠦᠬᠦ ᠶ᠋ᠢᠨ ᠲᠣᠭᠲᠠᠭᠠᠯ ᠤᠩᠰᠢᠳᠠᠭ ᠶᠠᠯᠠᠯᠠᠭᠴᠢ ᠨᠢ ᠲᠠ ᠮᠥᠷᠲᠡᠯ᠎ᠡ
ᠳᠠᠭᠠᠭᠠᠮᠠᠭᠠᠢ ᠶᠡᠬᠡ ᠬᠠᠢᠷ᠎ᠠ ᠲᠠᠨᠢ ᠠᠨᠠᠢ ᠯᠠ ᠬᠡᠪ ᠢ᠋ᠶ᠋ᠡᠷ ᠢ᠋ᠶ᠋ᠡᠨ
ᠳᠠᠪᠠᠵᠤ ᠵᠠᠭᠠᠯᠳᠤᠭᠰᠠᠨ ᠥᠮᠥᠭᠯᠡᠭᠴᠢ ᠪᠣᠯᠵᠤ ᠵᠣᠪᠠᠯᠠᠩ ᠠ᠋ᠴᠠ ᠨᠠᠮᠠᠶ᠋ᠢ ᠰᠤᠯᠠᠯᠠᠨ᠎ᠠ
ᠵᠢᠭᠵᠢᠳ ᠪᠤᠷᠬᠠᠨ ᠢ᠋ ᠣᠯᠠᠨ ᠮᠣᠳᠣᠷ ᠲᠠᠢ ᠭᠡᠯᠴᠡᠨ᠎ᠡ
ᠵᠢᠵᠢᠭᠬᠡᠨ ᠡᠨᠡ ᠪᠡᠶ᠎ᠡ ᠴᠢᠨᠢ ᠲᠡᠭᠦᠨ ᠡᠴᠡ ᠴᠦ᠍ ᠣᠯᠠᠨ ᠭᠠᠷ ᠲᠠᠢ
ᠡᠯᠪᠡᠭ ᠶᠡᠬᠡ ᠬᠠᠢᠷ᠎ᠠ᠂ ᠡᠵᠢ ᠭᠡᠳᠡᠭ ᠨᠡᠷ᠎ᠡ ᠲᠠᠨᠢ
ᠡᠨᠡ ᠣᠷᠴᠢᠯᠠᠩ ᠠ᠋ᠴᠠ ᠣᠯᠤᠭᠰᠠᠨ ᠬᠠᠮᠤᠭ ᠤ᠋ᠨ ᠲᠣᠮᠣ ᠠᠯᠳᠠᠷ ᠠ᠋ !
ᠵᠡᠭᠦᠦ ᠶ᠋ᠢᠨ ᠰᠦᠪᠡᠭᠴᠢ ᠪᠡᠷ ᠪᠠᠭᠲᠠᠬᠤ ᠣᠨ ᠵᠢᠯ ᠦ᠋ᠳ ᠦ᠋ᠨ ᠤᠷᠤᠰᠬᠠᠯ ᠳ᠋ᠤ᠌
ᠵᠦᠭᠡᠷ ᠯᠡ ᠳᠡᠷᠭᠡᠳᠡ ᠮᠢᠨᠢ ᠪᠠᠢᠵᠤ ᠬᠠᠢᠷᠠᠯᠠ
ᠡᠵᠢ ᠠ᠋! ᠭᠡᠵᠦ ᠳᠠᠭᠤᠳᠠᠬᠤ ᠪᠣᠯᠭᠠᠨ ᠳ᠋ᠠᠭᠠᠨ ᠪᠠᠶᠠᠷᠯᠠᠳᠠᠭ
ᠢᠵᠢᠯᠢ ᠬᠡᠳᠦᠨ ᠬᠡᠦᠬᠡᠳ ᠲᠡᠭᠡᠨ ᠤᠷᠲᠤ ᠨᠠᠰᠤᠯᠠᠵᠤ ᠬᠠᠢᠷᠠᠯᠠ ᠠ᠋!
ᠦᠰᠦᠭ ᠬᠠᠲᠠᠭᠴᠢ᠄ ᠮᠣᠩᠭᠣᠯ ᠰᠣᠶᠣᠯ
ᠦᠰᠦᠭ ᠠᠮᠢᠯᠠᠭᠤᠯᠤᠭᠴᠢ᠄ ᠮᠣᠩᠭᠣᠯ ᠰᠣᠶᠣᠯ
ᠬᠢᠨᠠᠭᠴᠢ᠄ ᠨᠠᠷᠠᠨ ᠵᠦᠭ᠂ ᠪᠤᠤ᠂ ᠰᠠᠷᠠᠨ᠎ᠠ
