ᠨᠤᠲᠤᠭ ᠤᠨ ᠬᠠᠢᠷ᠎ᠠ – ᠦᠭᠡ᠂ᠠᠶ᠎ᠠ᠄ᠭᠠᠰᠢᠸ᠎ᠠ᠂ ᠬᠥᠭᠵᠢᠮ᠄ ᠷᠡᠸᠠᠳᠢ᠂ ᠳᠠᠭᠤᠴᠢᠨ᠄ ᠠ᠂ ᠪᠠᠳᠮ᠎ᠠ Нутгийн хайр – үг᠂ ая᠄Гашваа᠂ хөгжим᠄ Ривад᠂ дуучин᠄ А. Бадам
ᠨᠤᠲᠤᠭ ᠤᠨ ᠬᠠᠢᠷ᠎ᠠ
ᠬᠥᠭᠵᠢᠮ᠄ ᠷᠡᠸᠠᠳᠢ
ᠳᠠᠭᠤᠴᠢᠨ᠄ ᠠ᠂ ᠪᠠᠳᠮ᠎ᠠ
ᠠᠯᠤᠰ ᠤ᠋ᠨ ᠠᠯᠤᠰ ᠲᠤ᠌ ᠰᠦᠮᠡᠯᠵᠡᠭᠡᠳ ᠯᠡ ᠪᠠᠢᠨ᠎ᠠ
ᠠᠭᠢᠲᠤ ᠶ᠋ᠢᠨ ᠣᠷᠣᠢ ᠠᠷᠴᠠᠨ ᠪᠠᠯᠠᠷ ᠤ᠋ᠨ ᠡᠷᠢᠶᠡᠯᠡᠩ
ᠨᠤᠲᠤᠭ ᠤ᠋ᠨ ᠪᠠᠷ᠎ᠠ ᠳᠤᠩᠬᠠᠢᠵᠤ ᠯᠠ ᠪᠠᠢᠨ᠎ᠠ
ᠠ ᠬᠠ ᠬᠦᠢ
ᠨᠢᠳᠦᠨ ᠳ᠋ᠦ᠍ ᠮᠢᠨᠢ ᠳᠤᠯᠠᠭᠠᠬᠠᠨ ᠬᠠᠷᠠᠭᠳᠠᠨ᠎ᠠ
ᠨᠤᠲᠤᠭ ᠤ᠋ᠨ ᠰᠢᠷᠣᠢ ᠠᠯᠲᠠ
ᠨᠤᠲᠤᠭ ᠤ᠋ᠨ ᠤᠰᠤ ᠷᠠᠰᠢᠶᠠᠨ
ᠬᠥᠮᠦᠨ ᠪᠠᠢᠭᠠᠯᠢ ᠶ᠋ᠢᠨ ᠲᠠᠩᠰᠤᠭ ᠡᠷᠳᠡᠨᠢ
ᠠᠯᠲᠠᠨ ᠳᠡᠯᠡᠬᠡᠢ ᠳ᠋ᠦ᠍ ᠠᠶ᠎ᠠ ᠪᠠᠷ ᠢ᠋ᠶ᠋ᠠᠨ ᠪᠣᠢ ᠪᠣᠯᠤᠭᠰᠠᠨ
ᠠᠮᠢᠨ ᠰᠠᠬᠢᠶ᠎ᠠ ᠠᠮᠢᠳᠤᠷᠠᠯ ᠤ᠋ᠨ ᠡᠬᠢ ᠪᠤᠯᠠᠭ
ᠨᠤᠲᠤᠭ ᠤ᠋ᠨ ᠠᠭᠠᠷ ᠲᠤᠩᠭᠠᠯᠠᠭ
ᠨᠤᠲᠤᠭ ᠤ᠋ᠨ ᠠᠮᠢᠰᠬᠤᠯ ᠴᠡᠪᠡᠷᠬᠡᠨ
ᠨᠤᠲᠤᠭ ᠤ᠋ᠨ ᠬᠠᠢᠷ᠎ᠠ ᠥᠨᠢᠳᠡ ᠶ᠋ᠢᠨ ᠵᠢᠷᠭᠠᠯ
ᠡᠭᠡᠨᠡᠭᠲᠡ ᠨᠠᠮ᠎ᠠ ᠳ᠋ᠤ᠌ ᠡᠵᠢ ᠠᠳᠠᠯᠢ ᠪᠣᠳᠣᠭᠳᠠᠳᠠᠭ ᠠ᠋ᠴᠠ
ᠡᠨᠡᠷᠢᠨ ᠡᠨᠡᠷᠢᠨ ᠰᠠᠨᠠᠬᠤ ᠶᠤᠮ
ᠠᠯᠠᠪᠤᠷ ᠪᠦᠷᠢᠳᠦ ᠨᠢ ᠠᠮᠤᠭᠤᠯᠠᠩ ᠢ᠋ᠶ᠋ᠠᠷ ᠢ᠋ᠶ᠋ᠠᠨ ᠯᠠ ᠪᠠᠢᠨ᠎ᠠ
ᠠᠳᠤᠭᠤ ᠮᠠᠯ ᠤ᠋ᠳ ᠨᠢ ᠠᠯᠠᠭᠰᠢᠨ ᠪᠡᠯᠴᠢᠭᠡᠷᠰᠢᠨᠡ
ᠦᠨᠡᠰᠦᠨ ᠭᠦᠳᠦᠩ ᠨᠢ ᠣᠪᠣᠩ ᠢ᠋ᠶ᠋ᠠᠷ ᠢ᠋ᠶ᠋ᠠᠨ ᠯᠠ ᠪᠠᠢᠨ᠎ᠠ
ᠠ ᠬᠠ ᠬᠦᠢ
ᠤᠳᠤᠮᠲᠤ ᠠᠢᠯ ᠤ᠋ᠨ ᠭᠣᠯᠣᠮᠲᠠ ᠶ᠋ᠢᠨ ᠰᠠᠬᠢᠭᠤᠰᠤ ᠶᠤᠮ
ᠨᠤᠲᠤᠭ ᠤ᠋ᠨ ᠰᠢᠷᠣᠢ ᠠᠯᠲᠠ
ᠨᠤᠲᠤᠭ ᠤ᠋ᠨ ᠤᠰᠤ ᠷᠠᠰᠢᠶᠠᠨ
ᠬᠥᠮᠦᠨ ᠪᠠᠢᠭᠠᠯᠢ ᠶ᠋ᠢᠨ ᠲᠠᠩᠰᠤᠭ ᠡᠷᠳᠡᠨᠢ
ᠠᠯᠲᠠᠨ ᠳᠡᠯᠡᠬᠡᠢ ᠳ᠋ᠦ᠍ ᠠᠶ᠎ᠠ ᠪᠠᠷ ᠢ᠋ᠶ᠋ᠠᠨ ᠪᠣᠢ ᠪᠣᠯᠤᠭᠰᠠᠨ
ᠠᠮᠢᠨ ᠰᠠᠬᠢᠶ᠎ᠠ ᠠᠮᠢᠳᠤᠷᠠᠯ ᠤ᠋ᠨ ᠡᠬᠢ ᠪᠤᠯᠠᠭ
ᠨᠤᠲᠤᠭ ᠤ᠋ᠨ ᠠᠭᠠᠷ ᠲᠤᠩᠭᠠᠯᠠᠭ
ᠨᠤᠲᠤᠭ ᠤ᠋ᠨ ᠠᠮᠢᠰᠬᠤᠯ ᠴᠡᠪᠡᠷᠬᠡᠨ
ᠨᠤᠲᠤᠭ ᠤ᠋ᠨ ᠬᠠᠢᠷ᠎ᠠ ᠥᠨᠢᠳᠡ ᠶ᠋ᠢᠨ ᠵᠢᠷᠭᠠᠯ
ᠡᠭᠡᠨᠡᠭᠲᠡ ᠨᠠᠮ᠎ᠠ ᠳ᠋ᠤ᠌ ᠡᠵᠢ ᠠᠳᠠᠯᠢ ᠪᠣᠳᠣᠭᠳᠠᠳᠠᠭ ᠠ᠋ᠴᠠ
ᠡᠨᠡᠷᠢᠨ ᠡᠨᠡᠷᠢᠨ ᠰᠠᠨᠠᠬᠤ ᠶᠤᠮ
