ᠭᠣᠶᠣᠭ᠎ᠠ– ᠪᠣᠯᠣᠷᠮ᠎ᠠ ᠨᠠᠷGoyoo–Bolormaa narГоёо–Болормаа нар
ᠭᠣᠶᠣᠭ᠎ᠠ
ᠦᠭᠡ᠂ ᠠᠶ᠎ᠠ᠄ ᠪ᠊᠂ ᠡᠷᠳᠡᠨᠢᠪᠠᠲᠤ
ᠳᠠᠭᠤᠴᠢᠨ᠄ ᠪᠣᠯᠣᠷᠮ᠎ᠠ᠂ ᠪᠠᠶᠠᠨᠵᠢᠷᠭᠠᠯ ᠨᠠᠷ
ᠬᠠᠷᠠᠭᠤᠯ ᠠᠯᠲᠠᠢ ᠶ᠋ᠢᠨ ᠬᠠᠳᠠᠨ ᠴᠣᠬᠢᠶ᠎ᠠ
ᠬᠠᠩᠭᠠᠢ ᠳᠡᠯᠡᠬᠡᠢ ᠳ᠋ᠡᠭᠡᠨ ᠲᠣᠯᠢᠨ ᠭᠤᠶᠤᠭ᠎ᠠ
ᠬᠠᠢᠷᠠᠲᠠᠢ ᠡᠵᠢ ᠠᠪᠤ ᠯᠠ ᠬᠣᠶᠠᠷ ᠲᠤ᠌ ᠪᠠᠨ
ᠬᠣᠩᠭᠣᠷ ᠦᠷᠡᠰ ᠨᠢ ᠨᠠᠨᠳᠢᠨ ᠭᠤᠶᠤᠭ᠎ᠠ
ᠠᠢ ᠭᠣᠶᠣᠭ᠎ᠠ᠂ ᠭᠤᠶᠤᠭ᠎ᠠ ᠁
ᠡᠭᠡᠷᠡᠮ᠎ᠡ ᠲᠠᠯ᠎ᠠ ᠶ᠋ᠢᠨ ᠮᠢᠨᠢ ᠡᠮᠵᠡᠭᠬᠡᠨ ᠴᠡᠴᠡᠭᠡᠰ ᠨᠢ
ᠡᠬᠡ ᠳᠡᠯᠡᠬᠡᠢ ᠳ᠋ᠦ᠍ ᠪᠡᠨ ᠥᠩᠭᠡ ᠶ᠋ᠢᠨ ᠭᠣᠶᠣᠭ᠎ᠠ
ᠡᠯᠡᠰᠦᠨ ᠭᠣᠪᠢ ᠶ᠋ᠢᠨ ᠮᠢᠨᠢ ᠮᠠᠩᠬᠠᠨ ᠠᠭᠤᠯᠠᠰ ᠨᠢ
ᠡᠩ ᠦᠭᠡᠢ ᠭᠣᠪᠢ ᠳ᠋ᠤ᠌ ᠪᠠᠨ ᠡᠷᠳᠡᠨᠢ ᠭᠤᠶᠤᠭ᠎ᠠ
ᠠᠢ ᠭᠤᠶᠤᠭ᠎ᠠ᠂ ᠭᠤᠶᠤᠭ᠎ᠠ ᠁
ᠠᠢ ᠭᠤᠶᠤᠭ᠎ᠠ᠂ ᠭᠣᠶᠣᠭ᠎ᠠ ᠁
ᠮᠣᠯᠣᠷ ᠡᠷᠳᠡᠨᠢ ᠮᠣᠷᠢᠨ ᠬᠤᠭᠤᠷ ᠮᠢᠨᠢ
ᠮᠣᠩᠭᠣᠯ ᠣᠯᠠᠨ ᠳ᠋ᠠᠭᠠᠨ ᠮᠥᠩᠬᠡ ᠶ᠋ᠢᠨ ᠭᠤᠶᠤᠭ᠎ᠠ
ᠤᠷᠲᠤ ᠶ᠋ᠢᠨ ᠰᠠᠢᠬᠠᠨ ᠳᠠᠭᠤᠤ ᠬᠤᠭᠤᠷ ᠮᠢᠨᠢ
ᠠᠭᠤᠳᠠᠮ ᠨᠤᠲᠤᠭ ᠲᠠᠭᠠᠨ ᠤᠶᠠᠩᠭ᠎ᠠ ᠶ᠋ᠢᠨ ᠭᠤᠶᠤᠭ᠎ᠠ
ᠠᠢ ᠭᠣᠶᠣᠭ᠎ᠠ᠂ ᠭᠤᠶᠤᠭ᠎ᠠ ᠁
ᠠᠮᠤᠭᠤᠯᠠᠩ ᠴᠡᠩᠬᠡᠷ ᠨᠠᠭᠤᠷ ᠤ᠋ᠨ ᠮᠢᠨᠢ ᠠ᠋
ᠠᠩᠭᠢᠷ ᠭᠠᠯᠠᠭᠤ ᠨᠢ ᠠᠷᠭ᠎ᠠ ᠦᠭᠡᠢ ᠭᠣᠶᠣᠭ᠎ᠠ
ᠠᠷᠠᠳ ᠣᠯᠠᠨ ᠤ᠋ ᠮᠢᠨᠢ ᠰᠢᠲᠦᠭᠡᠨ ᠪᠣᠯᠤᠭᠰᠠᠨ
ᠠᠯᠲᠠᠨ ᠰᠣᠶᠣᠮᠪᠣ ᠮᠢᠨᠢ ᠮᠣᠩᠭᠣᠯ ᠤ᠋ᠨ ᠭᠤᠶᠤᠭ᠎ᠠ
ᠠᠢ ᠭᠤᠶᠤᠭ᠎ᠠ᠂ ᠭᠤᠶᠤᠭ᠎ᠠ ᠁
ᠠᠢ ᠭᠣᠶᠣᠭ᠎ᠠ᠂ ᠭᠣᠶᠣᠭ᠎ᠠ ᠁
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
