ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠯ᠎ᠡ ᠲᠥᠷᠥᠯ ᠦ᠋ᠨ ᠳᠠᠩ ᠰᠢᠷᠭᠢᠭᠡᠮᠡᠯ –1 Идээ ундааны жинхэнэ товч– Хүсэхүй ᠂Хөхлуу нар – <2-р боть> Эл төрлийн тан ширгээмэл -1 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠯ᠎ᠡ ᠲᠥᠷᠥᠯ ᠦ᠋ᠨ ᠳᠠᠩ ᠰᠢᠷᠭᠢᠭᠡᠮᠡᠯ –1 Идээ ундааны жинхэнэ товч– Хүсэхүй ᠂Хөхлуу нар – <2-р боть> Эл төрлийн тан ширгээмэл -1

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠯ᠎ᠡ ᠲᠥᠷᠥᠯ ᠦ᠋ᠨ ᠳᠠᠩ ᠰᠢᠷᠭᠢᠭᠡᠮᠡᠯ –1 Идээ ундааны жинхэнэ товч– Хүсэхүй ᠂Хөхлуу нар – <2-р боть> Эл төрлийн тан ширгээмэл -1

2026-04-26

43

ᠬᠣᠶᠠᠳᠤᠭᠠᠷ ᠪᠣᠲᠢ

ᠡᠯ᠎ᠡ ᠲᠥᠷᠥᠯ ᠦ᠋ᠨ ᠳᠠᠩ ᠰᠢᠷᠭᠢᠭᠡᠮᠡᠯ -1


ᠰᠢᠩᠼᠠ ᠶ᠋ᠢᠨ ᠡᠭᠡᠳᠡᠩ    
       ᠡᠨᠡ ᠢᠨᠦ ᠰᠢᠮ᠎ᠡ ᠶ᠋ᠢ ᠳᠦᠷᠦᠭᠦᠯᠦᠨ ᠤᠮᠳᠠᠭᠠᠰᠬᠤ ᠶ᠋ᠢ ᠵᠣᠭᠰᠣᠭᠠᠵᠤ ᠲᠠᠮᠢᠷ ᠢ᠋ ᠰᠠᠢᠵᠢᠷᠠᠭᠤᠯᠤᠨ ᠰᠠᠪᠠ ᠶ᠋ᠢ ᠲᠡᠭᠰᠢᠷᠡᠭᠦᠯᠵᠦ
ᠪᠠᠳᠭ᠋ᠠᠨ ᠢ᠋ ᠠᠷᠢᠯᠭᠠᠮᠤᠢ᠃ 
       ᠨᠣᠢᠲᠠᠨ ᠭᠠ ᠭᠤᠷᠪᠠᠨ ᠵᠢᠩ ᠡᠴᠡ ᠰᠢᠭᠦᠰᠦ ᠶ᠋ᠢ ᠠᠪᠴᠤ ᠪᠤᠴᠠᠯᠤᠭᠰᠠᠨ ᠤᠰᠤ ᠬᠣᠶᠠᠷ ᠳ᠋ᠧᠦ᠂ ᠪᠣᠷᠣ ᠮᠠᠭ ᠬᠢᠭᠡᠳ ᠰᠢᠩᠼᠠ ᠲᠣᠰᠪᠣᠷᠢ ᠭᠤᠷᠪᠠᠨ ᠯᠠᠩ ᠢ᠋ ᠬᠠᠯᠢᠰᠤ ᠶ᠋ᠢ ᠠᠪᠴᠤ ᠬᠠᠶᠠᠭᠠᠳ ᠲᠠᠯᠬᠠᠳᠠᠵᠤ ᠫᠠᠪ ᠤ᠋ᠨ ᠲᠠᠯᠬ᠎ᠠ ᠬᠠᠭᠠᠰ ᠵᠢᠩ᠂ ᠭᠦᠢᠯᠡᠰᠦᠨ ᠴᠥᠮ᠎ᠡ ᠨᠢᠭᠡᠨ ᠵᠠᠭᠤ ᠶ᠋ᠢ ᠪᠤᠴᠠᠯᠤᠭᠰᠠᠨ ᠤᠰᠤᠨ ᠳ᠋ᠤᠷ ᠬᠠᠯᠠᠭᠠᠨ ᠤᠬᠢᠶᠠᠵᠤ ᠬᠠᠯᠢᠰᠤ ᠪᠠ ᠦᠵᠦᠭᠦᠷ ᠢ᠋ ᠢᠨᠦ ᠠᠪᠴᠤ ᠬᠠᠶᠠᠭᠠᠳ ᠲᠦᠭᠦᠬᠡᠢ ᠪᠡᠷ ᠨᠢ ᠨᠢᠴᠠᠷᠠᠲᠠᠯ᠎ᠠ ᠳᠠᠷᠤᠵᠤ ᠨᠦᠳᠦᠭᠡᠳ ᠬᠠᠨᠳᠠ ᠪᠣᠯᠭᠠᠨ᠂ ᠨᠣᠬᠠᠢ ᠶ᠋ᠢᠨ ᠬᠣᠰᠢᠭᠤ ᠶ᠋ᠢᠨ ᠲᠦᠷᠦᠭᠦᠦ ᠬᠠᠭᠠᠰ ᠵᠢᠩ ᠢ᠋ ᠲᠠᠭᠯᠠᠭᠳᠠᠵᠤ᠂ ᠴᠠᠭᠠᠨ ᠪᠠᠯ ᠭᠤᠷᠪᠠᠨ ᠵᠢᠩ ᠢ᠋ ᠴᠡᠪᠡᠷ ᠪᠣᠯᠲᠠᠯ᠎ᠠ ᠪᠤᠯᠭᠤᠮᠤᠢ᠃ 
       ᠳᠡᠭᠡᠷᠡᠬᠢ ᠡᠮ ᠦ᠋ᠳ ᠢ᠋ ᠪᠠᠯ ᠤ᠋ᠨ ᠤᠰᠤ ᠪᠠᠷ ᠵᠢᠭᠤᠷᠠᠵᠤ ᠬᠤᠳᠬᠤᠭᠠᠳ ᠴᠡᠪᠡᠷᠬᠡᠨ ᠱᠠᠭᠠᠵᠠᠩ ᠰᠠᠪᠠᠨ ᠳ᠋ᠤᠷ ᠠᠬᠤᠭᠤᠯᠵᠤ᠂ ᠰᠠᠪᠠᠨ ᠤ᠋ ᠠᠮᠠᠰᠠᠷ ᠢ᠋ ᠣᠯᠠᠨ ᠳᠠᠪᠬᠤᠷ ᠲᠣᠰᠣᠯᠢᠭ ᠴᠠᠭᠠᠰᠤ ᠪᠠᠷ ᠪᠢᠲᠡᠭᠦᠮᠵᠢᠯᠡᠭᠡᠳ ᠰᠢᠪᠠᠷ ᠢ᠋ᠶ᠋ᠠᠷ ᠨᠢᠭᠲᠠ ᠰᠢᠪᠡᠵᠦ᠂ ᠮᠥᠰᠥᠨ ᠵᠣᠭᠣᠷᠢ ᠳᠣᠲᠣᠷ᠎ᠠ ᠭᠤᠷᠪᠠᠨ ᠬᠣᠨᠣᠭ ᠲᠠᠯᠪᠢᠭᠠᠳ ᠰᠠᠶᠢ ᠤᠰᠤᠨ ᠳ᠋ᠤᠷ ᠪᠤᠴᠠᠯᠭᠠᠭᠰᠠᠨ ᠮᠢᠨᠳᠠᠰᠤ ᠪᠠᠷ ᠲᠤᠩᠭᠠᠵᠤ ᠮᠦᠰᠦᠨ᠎ᠡ ᠲᠠᠯᠪᠢᠵᠤ ᠬᠠᠳᠠᠭᠠᠯᠠᠨ ᠵᠤᠨ ᠤ᠋ ᠬᠠᠯᠠᠭᠤᠨ ᠳ᠋ᠤ᠌ ᠠᠪᠴᠤ ᠤᠤᠭᠤᠮᠤᠢ᠃  

ᠰᠢᠩᠼᠠ ᠠᠭᠠᠷᠤ ᠶ᠋ᠢᠨ ᠡᠭᠡᠳᠡᠩ   
       ᠡᠨᠡ ᠢᠨᠦ ᠪᠠᠳᠭ᠋ᠠᠨ ᠢ᠋ ᠠᠷᠢᠯᠭᠠᠨ ᠬᠡᠢ ᠶ᠋ᠢ ᠶᠠᠪᠤᠭᠤᠯᠵᠤ᠂ ᠰᠢᠮ᠎ᠡ ᠶ᠋ᠢ ᠤᠨᠳᠠᠷᠠᠭᠤᠯᠤᠨ ᠤᠮᠳᠠᠭᠠᠰᠬᠤ ᠶ᠋ᠢ ᠵᠣᠭᠰᠣᠭᠠᠮᠤᠢ᠃  
       ᠪᠣᠷᠣ ᠮᠠᠭᠠᠯᠢᠩᠭᠤ ᠶ᠋ᠢᠨ ᠨᠠᠪᠴᠢ ᠨᠢᠭᠡᠨ ᠯᠠᠩ ᠪᠠ ᠠᠭᠠᠷᠤ ᠭᠤᠷᠪᠠᠨ ᠴᠢᠨ ᠢ᠋ ᠲᠣᠰᠪᠣᠷᠢ ᠦᠷᠦᠪᠲᠦᠯᠳᠡᠵᠦ᠂ ᠬᠠᠷ᠎ᠠ ᠭᠦᠢᠯᠡᠰᠦ ᠨᠢᠭᠡᠨ ᠯᠠᠩ ᠢ᠋ ᠮᠢᠬ᠎ᠠ ᠶ᠋ᠢ ᠠᠪᠴᠤ ᠬᠡᠷᠡᠭᠯᠡᠨ᠂ ᠵᠧᠮᠠᠭᠠᠷᠠ ᠵᠢᠷᠭᠤᠭᠠᠨ ᠯᠠᠩ᠃ 
       ᠳᠡᠭᠡᠷᠡᠬᠢ ᠳᠥᠷᠪᠡᠨ ᠵᠦᠢᠯ ᠢ᠋ ᠲᠠᠪᠤ ᠵᠢᠷᠭᠤᠭᠠᠨ ᠠᠶᠠᠭ᠎ᠠ ᠤᠰᠤ ᠪᠠᠷ ᠴᠢᠨᠠᠵᠤ ᠭᠤᠷᠪᠠᠨ ᠠᠶᠠᠭ᠎ᠠ ᠦᠯᠡᠳᠡᠬᠦ ᠶ᠋ᠢᠨ ᠬᠢᠷᠢ ᠳ᠋ᠦ᠍ ᠰᠢᠭᠠᠷᠤ ᠶ᠋ᠢ ᠱᠦᠭᠦᠵᠦ ᠬᠠᠶᠠᠭᠠᠳ ᠰᠢᠩᠼᠠ ᠶ᠋ᠢᠨ ᠡᠭᠡᠳᠡᠩ ᠨᠢᠭᠡᠨ ᠱᠧᠩ ᠢ᠋ ᠬᠢᠵᠦ ᠨᠡᠢᠯᠡᠭᠦᠯᠦᠭᠡᠳ ᠡᠭᠡᠳᠡᠩ ᠪᠣᠯᠭᠠᠨ ᠤᠤᠭᠤᠮᠤᠢ᠃  

ᠪᠡᠷᠵᠢᠭᠡᠷ ᠯᠤᠤ ᠶ᠋ᠢᠨ ᠨᠢᠳᠦ ᠶ᠋ᠢᠨ ᠬᠠᠨᠳᠠ 
       ᠰᠢᠮ᠎ᠡ ᠶ᠋ᠢ ᠳᠦᠷᠦᠭᠦᠯᠦᠨ ᠤᠮᠳᠠᠭᠠᠰᠬᠤ ᠶ᠋ᠢ ᠵᠣᠭᠰᠣᠭᠠᠵᠤ ᠲᠠᠴᠢᠶᠠᠳᠠᠯ ᠢ᠋ ᠠᠷᠢᠯᠭᠠᠮᠤᠢ᠃ 
       ᠬᠠᠷ᠎ᠠ ᠭᠦᠢᠯᠡᠰᠦ ᠬᠠᠭᠠᠰ ᠵᠢᠩ ᠢ᠋ ᠮᠢᠬ᠎ᠠ ᠶ᠋ᠢ ᠨᠢ ᠠᠪᠴᠤ ᠬᠡᠷᠡᠭᠯᠡᠨ᠂ ᠰᠢᠩᠼᠠ ᠠᠷᠪᠠᠨ ᠯᠠᠩ ᠢ᠋ ᠬᠠᠯᠢᠰᠤ ᠶ᠋ᠢ ᠨᠢ ᠠᠪᠴᠤ ᠬᠠᠶᠠᠭᠠᠳ ᠦᠷᠦᠪᠲᠦᠯᠳᠡᠵᠦ᠂ ᠵᠧᠮᠠᠭᠠᠷᠠ ᠬᠣᠷᠢᠨ ᠵᠢᠷᠭᠤᠭᠠᠨ ᠯᠠᠩ᠂ ᠵᠢᠭᠠᠷ ᠬᠠᠭᠠᠰ ᠴᠢᠨ ᠢ᠋ ᠲᠠᠯᠬᠠᠳᠠᠵᠤ᠂ ᠨᠣᠢᠲᠠᠨ ᠭᠠ ᠶ᠋ᠢᠨ ᠰᠢᠭᠦᠰᠦ ᠲᠠᠪᠤᠨ ᠯᠠᠩ ᠪᠣᠯᠭᠣᠭᠰᠠᠨ ᠪᠠᠯ ᠠᠷᠪᠠᠨ ᠳᠥᠷᠪᠡᠨ ᠯᠠᠩ᠃  
       ᠳᠡᠭᠡᠷᠡᠬᠢ ᠬᠠᠷ᠎ᠠ ᠭᠦᠢᠯᠡᠰᠦ᠂ ᠰᠢᠩᠼᠠ ᠶ᠋ᠢ ᠨᠢᠭᠡᠨ ᠳ᠋ᠧᠦ ᠲᠠᠪᠤᠨ ᠱᠧᠩ ᠤᠰᠤᠨ ᠳ᠋ᠤᠷ ᠪᠤᠴᠠᠯᠭᠠᠭᠰᠠᠭᠠᠷ ᠬᠠᠭᠠᠰ ᠦᠯᠡᠳᠡᠬᠦ ᠶ᠋ᠢᠨ ᠬᠢᠷᠢ ᠳ᠋ᠦ᠍ ᠰᠢᠭᠠᠷᠤ ᠶ᠋ᠢ ᠱᠦᠭᠦᠵᠦ ᠬᠠᠶᠠᠭᠠᠳ ᠵᠧᠮᠠᠭᠠᠷᠠ ᠪᠠ ᠨᠣᠢᠲᠠᠨ ᠭᠠ ᠶ᠋ᠢᠨ ᠰᠢᠭᠦᠰᠦ ᠪᠡᠨ ᠲᠠᠯᠪᠢᠵᠤ ᠳᠠᠪᠲᠠᠨ ᠪᠤᠴᠠᠯᠭᠠᠭᠰᠠᠨ ᠤ᠋ ᠬᠣᠢᠨ᠎ᠠ ᠲᠤᠩᠭᠠᠯᠠᠭ ᠪᠣᠯᠭᠠᠨ ᠰᠢᠭᠠᠷᠤ ᠶ᠋ᠢ ᠱᠦᠭᠦᠵᠦ ᠠᠪᠤᠨ᠂ ᠤᠳᠠᠰᠬᠢᠭᠡᠳ ᠵᠢᠭᠠᠷ ᠢ᠋ᠶ᠋ᠠᠨ ᠬᠢᠵᠦ ᠵᠢᠭᠤᠷᠠᠵᠤ ᠮᠥᠨ ᠲᠤᠩᠭᠠᠯᠠᠭ ᠪᠣᠯᠭᠠᠮᠤᠢ᠃ 
       ᠡᠭᠦᠨ ᠢ᠋ ᠳᠤᠷ᠎ᠠ ᠶ᠋ᠢᠨ ᠠᠶ᠎ᠠ ᠪᠠᠷ ᠤᠤᠭᠤᠵᠤ ᠪᠣᠯᠤᠨ᠎ᠠ᠃  

ᠬᠠᠷ᠎ᠠ ᠭᠦᠢᠯᠡᠰᠦ ᠶ᠋ᠢᠨ ᠷᠢᠯᠦ   
       ᠰᠢᠮ᠎ᠡ ᠶ᠋ᠢ ᠡᠭᠦᠰᠬᠡᠨ ᠤᠮᠳᠠᠭᠠᠰᠬᠤ ᠶ᠋ᠢ ᠵᠣᠭᠰᠣᠭᠠᠨ ᠠᠷᠢᠬᠢ ᠶ᠋ᠢᠨ ᠬᠣᠣᠷ᠎ᠠ ᠶ᠋ᠢ ᠲᠠᠢᠯᠵᠤ ᠪᠠᠳᠭ᠋ᠠᠨ ᠰᠢᠷ᠎ᠠ ᠤᠰᠤ ᠶ᠋ᠢ ᠠᠷᠢᠯᠭᠠᠮᠤᠢ᠃ 
       ᠬᠠᠷ᠎ᠠ ᠭᠦᠢᠯᠡᠰᠦ ᠨᠢᠭᠡ ᠯᠠᠩ ᠬᠠᠭᠠᠰ ᠬᠢᠭᠡᠳ ᠮᠥᠩᠭᠥᠨ ᠭᠦᠢᠯᠡᠰᠦ ᠨᠢᠭᠡᠨ ᠯᠠᠩ ᠬᠠᠭᠠᠰ ᠢ᠋ ᠲᠣᠰᠪᠣᠷᠢ ᠮᠢᠬ᠎ᠠ ᠶ᠋ᠢ ᠨᠢ ᠠᠪᠴᠤ ᠬᠡᠷᠡᠭᠯᠡᠨ ᠬᠠᠲᠠᠭᠰᠠᠨ ᠪᠢᠯᠤ᠎ᠠ (ᠭᠠᠳᠢᠷ᠎ᠠ ᠶ᠋ᠢᠨ ᠵᠢᠮᠢᠰ) ᠨᠢᠭᠡᠨ ᠯᠠᠩ ᠬᠠᠭᠠᠰ᠂ ᠪᠣᠷᠣ ᠮᠠᠭᠠᠯᠢᠩᠭᠤ ᠶ᠋ᠢᠨ ᠨᠠᠪᠴᠢ ᠨᠢᠭᠡᠨ ᠯᠠᠩ ᠬᠠᠭᠠᠰ᠂ ᠰᠢᠬᠢᠷ ᠡᠪᠡᠰᠦ ᠨᠢᠭᠡᠨ ᠯᠠᠩ ᠢ᠋ ᠬᠠᠭᠤᠷᠴᠤ ᠨᠣᠮᠣᠬᠠᠳᠬᠠᠨ᠂ ᠽᠠᠨᠳᠠᠨ ᠬᠣᠶᠠᠷ ᠴᠢᠨ᠂ ᠵᠢᠭᠠᠷ ᠨᠢᠭᠡᠨ ᠴᠢᠨ ᠢ᠋ ᠨᠢᠭᠲᠠ ᠲᠠᠯᠠᠭᠳᠠᠮᠤᠢ᠃  
       ᠳᠡᠭᠡᠷᠡᠬᠢ ᠵᠦᠢᠯ ᠦ᠋ᠳ ᠢ᠋ ᠨᠢᠭᠲᠠ ᠲᠠᠯᠬᠠᠳᠠᠭᠠᠳ ᠵᠢᠭᠠᠷ ᠢ᠋ᠶ᠋ᠠᠨ ᠬᠢᠵᠦ ᠬᠤᠳᠬᠤᠵᠤ ᠵᠧᠮᠠᠭᠠᠷᠠ ᠪᠠᠷ ᠭᠤᠷᠪᠠᠨ ᠴᠢᠨ ᠦ᠌ ᠬᠢᠷᠢᠲᠡᠢ ᠷᠢᠯᠦ ᠷᠢᠯᠦᠳᠡᠮᠥᠢ᠃ 
       ᠡᠭᠦᠨ ᠢ᠋ ᠤᠳᠠᠭ᠎ᠠ ᠪᠦᠷᠢ ᠨᠢᠭᠡᠨ ᠷᠢᠯᠦ ᠶ᠋ᠢ ᠠᠮᠠᠨ ᠳ᠋ᠠᠭᠠᠨ ᠬᠠᠢᠯᠤᠭᠤᠯᠵᠤ ᠢᠳᠡᠨ᠎ᠡ᠃ 

ᠳ᠋ᠠᠷᠪᠤ ᠶ᠋ᠢᠨ ᠳᠠᠩ  
       ᠡᠭᠦᠨ ᠢ᠋ ᠦᠵᠦᠮ ᠦ᠋ᠨ ᠠᠷᠢᠬᠢ ᠶ᠋ᠢᠨ ᠣᠷᠣᠨ ᠳ᠋ᠤ᠌ ᠤᠤᠭᠤᠮᠤᠢ᠃ 
       ᠳ᠋ᠠᠷᠪᠤ ᠨᠢᠭᠡᠨ ᠵᠢᠩ ᠦ᠋ᠨ ᠮᠢᠬ᠎ᠠ ᠶ᠋ᠢ ᠠᠪᠴᠤ᠂ ᠪᠣᠷᠣ ᠮᠠᠭᠠᠵᠢ ᠶ᠋ᠢᠨ ᠨᠠᠪᠴᠢ ᠵᠢᠷᠭᠤᠭᠠᠨ ᠯᠠᠩ ᠂ ᠣᠷᠬᠣᠳᠠᠢ ᠳᠥᠷᠪᠡᠨ ᠯᠠᠩ ᠢ᠋ ᠰᠠᠬᠠᠯ ᠢ᠋ ᠨᠢ ᠠᠪᠴᠤ ᠬᠠᠶᠠᠭᠠᠳ ᠦᠷᠦᠪᠲᠦᠯᠳᠡᠨ᠂ ᠵᠧᠮᠠᠭᠠᠷᠠ ᠬᠣᠶᠠᠷ ᠵᠢᠩ᠃  
       ᠳᠡᠭᠡᠷᠡᠬᠢ ᠵᠦᠢᠯ ᠦ᠋ᠳ ᠢ᠋ ᠬᠣᠶᠠᠷ ᠳ᠋ᠧᠦ ᠤᠰᠤᠨ ᠳ᠋ᠤᠷ ᠨᠢᠭᠡᠨ ᠳ᠋ᠧᠦ ᠦᠯᠡᠳᠡᠲᠡᠯ᠎ᠡ ᠪᠤᠴᠠᠯᠭᠠᠭᠠᠳ ᠰᠢᠭᠠᠷᠤ ᠶ᠋ᠢ ᠱᠦᠭᠦᠵᠦ ᠬᠠᠶᠠᠨ ᠲᠤᠩᠭᠠᠯᠠᠭ ᠪᠣᠯᠭᠠᠭᠠᠳ ᠳᠤᠷ᠎ᠠ ᠶ᠋ᠢᠨ ᠠᠶ᠎ᠠ ᠪᠠᠷ ᠤᠤᠭᠤᠮᠤᠢ᠃ 

ᠣᠷᠬᠣᠳᠠᠢ ᠶ᠋ᠢᠨ ᠳᠠᠩ  
       ᠡᠭᠦᠨ ᠢ᠋ ᠠᠷᠢᠬᠢ ᠶ᠋ᠢᠨ ᠣᠷᠣᠨ ᠳ᠋ᠤ᠌ ᠤᠤᠭᠤᠮᠤᠢ᠃ 
       ᠬᠡᠢ ᠶ᠋ᠢ ᠵᠠᠯᠠᠵᠤ ᠶᠠᠪᠤᠭᠤᠯᠤᠨ ᠴᠡᠭᠡᠵᠢ ᠶ᠋ᠢ ᠠᠭᠤᠵᠢᠷᠠᠭᠤᠯᠵᠤ ᠂ ᠤᠮᠳᠠᠭᠠᠰᠬᠤ ᠶ᠋ᠢ ᠵᠣᠭᠰᠣᠭᠠᠨ ᠰᠢᠮ᠎ᠡ ᠶ᠋ᠢ ᠳᠦᠷᠦᠭᠦᠯᠦᠮᠦᠢ᠃  
       ᠰᠢᠨ ᠯᠦᠸᠧ (ᠰᠣᠯᠣᠩᠭᠣᠰ ᠪᠤᠶᠤ) ᠶ᠋ᠢᠨ ᠣᠷᠬᠣᠳᠠᠢ ᠳᠥᠷᠪᠡᠨ ᠯᠠᠩ ᠢ᠋ ᠰᠠᠬᠠᠯ ᠢ᠋ ᠠᠪᠴᠤ ᠬᠠᠶᠠᠭᠠᠳ ᠦᠷᠦᠪᠲᠦᠯᠳᠡᠵᠦ᠂ ᠵᠦᠷᠪᠠᠭ ᠨᠢᠭᠡᠨ ᠯᠠᠩ ᠤ᠋ᠨ ᠴᠠᠭᠠᠨ ᠥᠭᠡᠬᠦ ᠶ᠋ᠢ ᠨᠢ ᠠᠪᠴᠤ ᠬᠠᠶᠠᠨ᠂ ᠪᠣᠷᠣ ᠮᠠᠭᠠᠵᠢ ᠶ᠋ᠢᠨ ᠨᠠᠪᠴᠢ ᠬᠣᠶᠠᠷ ᠯᠠᠩ᠂ ᠵᠧᠮᠠᠭᠠᠷᠠ ᠨᠢᠭᠡᠨ ᠵᠢᠩ᠃  
       ᠳᠡᠭᠡᠷᠡᠬᠢ ᠵᠦᠢᠯ ᠦ᠋ᠳ ᠢ᠋ ᠬᠣᠶᠠᠷ ᠳ᠋ᠧᠦ ᠤᠰᠤᠨ ᠳ᠋ᠤᠷ ᠨᠢᠭᠡᠨ ᠳ᠋ᠧᠦ ᠦᠯᠡᠳᠡᠲᠡᠯ᠎ᠡ ᠪᠤᠴᠠᠯᠭᠠᠭᠴᠢ ᠰᠢᠭᠠᠷᠤ ᠶ᠋ᠢ ᠢᠨᠤ ᠱᠦᠭᠦᠵᠦ ᠲᠤᠩᠭᠠᠯᠠᠭ ᠳᠠᠩ ᠪᠣᠯᠭᠠᠭᠠᠳ ᠳᠤᠷ᠎ᠠ ᠶ᠋ᠢᠨ ᠠᠶ᠎ᠠ ᠪᠠᠷ ᠤᠤᠭᠤᠮᠤᠢ᠃ 

ᠠᠷᠰᠢ ᠶ᠋ᠢᠨ ᠤᠪᠠᠳᠢᠰ ᠤ᠋ᠨ ᠳᠠᠩ    
       ᠠᠯᠢᠪᠠ ᠬᠡᠪ ᠪᠤᠰᠤ ᠶ᠋ᠢᠨ ᠠᠭᠤᠷ ᠦᠨᠦᠷ ᠢ᠋ ᠠᠷᠢᠯᠭᠠᠨ᠂ ᠬᠣᠳᠣᠭᠣᠳᠣ ᠳᠡᠯᠢᠭᠦᠦ ᠶ᠋ᠢ ᠪᠦᠯᠢᠶᠡᠳᠬᠡᠨ ᠢᠳᠡᠭᠡᠨ ᠤᠮᠳᠠᠭᠠᠨ ᠤ᠋ ᠳᠤᠷ᠎ᠠ ᠶ᠋ᠢ ᠨᠡᠮᠡᠭᠳᠡᠭᠦᠯᠵᠦ ᠬᠡᠵᠢᠭ ᠲᠠᠬᠤᠯ ᠢ᠋ ᠨᠢᠲᠤᠯᠤᠨ ᠪᠠᠳᠭ᠋ᠠᠨ ᠬᠦᠢᠲᠡᠨ ᠢ᠋ ᠠᠷᠢᠯᠭᠠᠮᠤᠢ᠃ 
       ᠤᠨᠪᠤᠢ ᠨᠢᠭᠡᠨ ᠵᠢᠩ ᠢ᠋ ᠪᠤᠳᠠᠭᠠᠨ ᠤ᠋ ᠤᠬᠢᠶᠠᠳᠠᠰᠤᠨ ᠳ᠋ᠤᠷ ᠭᠤᠷᠪᠠᠨ ᠬᠣᠨᠣᠭ ᠳᠡᠪᠲᠦᠭᠡᠭᠡᠳ ᠬᠤᠯᠤᠰᠤᠨ ᠮᠣᠳᠣᠨ ᠤ᠋ ᠬᠢᠲᠤᠭ᠎ᠠ ᠪᠠᠷ ᠬᠡᠷᠴᠢᠮ ᠬᠡᠷᠴᠢᠵᠦ ᠬᠠᠭᠰᠠᠭᠠᠵᠤ ᠬᠠᠲᠠᠭᠠᠭᠠᠳ ᠲᠠᠯᠬᠠᠳᠠᠵᠤ ᠂ ᠪᠠᠳᠮᠠᠭ᠎ᠠ ᠬᠣᠶᠠᠷ ᠯᠠᠩ ᠢ᠋ ᠬᠠᠭᠤᠷᠤᠭᠠᠳ ᠲᠠᠭᠯᠠᠭᠳᠠᠵᠤ᠂ ᠰᠢᠬᠢᠷ ᠡᠪᠡᠰᠦ ᠬᠣᠶᠠᠷ ᠯᠠᠩ ᠢ᠋ ᠬᠠᠭᠤᠷᠤᠭᠠᠳ ᠮᠥᠨ ᠲᠠᠭᠯᠠᠭᠳᠠᠨ᠂ ᠴᠠᠭᠠᠨ ᠭᠤᠯᠢᠷ ᠨᠢᠭᠡ ᠵᠢᠩ ᠢ᠋ ᠬᠠᠭᠤᠷᠴᠤ᠂ ᠬᠠᠲᠠᠭᠰᠠᠨ ᠴᠢᠪᠠᠭ᠎ᠠ ᠬᠣᠶᠠᠷ ᠱᠧᠩ ᠢ᠋ ᠬᠠᠭᠰᠠᠭᠠᠵᠤ ᠬᠠᠲᠠᠭᠠᠭᠠᠳ ᠲᠠᠯᠬᠠᠳᠠᠵᠤ ᠳᠠᠪᠤᠰᠤ ᠳᠥᠷᠪᠡᠨ ᠯᠠᠩ ᠢ᠋ ᠬᠠᠭᠤᠷᠤᠮᠤᠢ᠃  
       ᠳᠡᠭᠡᠷᠡᠬᠢ ᠲᠠᠯᠬ᠎ᠠ ᠨᠤᠭᠤᠳ ᠢ᠋ ᠬᠣᠯᠢᠵᠤ ᠲᠡᠭᠰᠢᠬᠡᠨ ᠬᠤᠳᠬᠤᠭᠠᠳ ᠡᠳᠦᠷ ᠪᠦᠷᠢ ᠥᠯᠥᠨ ᠢ᠋ᠶ᠋ᠡᠷ ᠪᠤᠴᠠᠯᠤᠭᠰᠠᠨ ᠤᠰᠤ ᠪᠠᠷ ᠵᠢᠭᠤᠷᠠᠵᠤ ᠤᠤᠭᠤᠮᠤᠢ᠃ 

ᠭᠦᠢᠯᠡᠰᠦᠨ ᠪᠤᠷᠠᠮ ᠤ᠋ᠨ ᠳᠠᠩ  
       ᠠᠭᠤᠰᠬᠢ ᠶ᠋ᠢᠨ ᠲᠠᠮᠢᠷ ᠢ᠋ ᠰᠡᠯᠪᠢᠨ ᠴᠡᠭᠡᠵᠢ ᠶ᠋ᠢ ᠠᠭᠤᠵᠢᠷᠠᠭᠤᠯᠤᠨ ᠬᠠᠨᠢᠶᠠᠳᠠ ᠶ᠋ᠢ ᠡᠮᠨᠡᠮᠦᠢ᠃ 
       ᠬᠣᠨᠣᠭ ᠪᠤᠳᠠᠭ᠎ᠠ ᠲᠠᠪᠤᠨ ᠱᠧᠩ ᠢ᠋ ᠬᠠᠭᠤᠷᠴᠤ ᠭᠤᠯᠢᠷ ᠪᠣᠯᠭᠠᠨ ᠲᠠᠯᠠᠭᠳᠠᠨ᠂ ᠭᠦᠢᠯᠡᠰᠦ ᠶ᠋ᠢᠨ ᠴᠥᠮ᠎ᠡ ᠬᠣᠶᠠᠷ ᠱᠧᠩ ᠢ᠋ ᠬᠠᠯᠢᠰᠤ ᠪᠠ ᠦᠵᠦᠭᠦᠷ ᠢ᠋ ᠨᠢ ᠠᠪᠴᠤ ᠬᠠᠶᠠᠨ ᠪᠤᠭᠤᠳᠠᠢ ᠶ᠋ᠢᠨ ᠬᠡᠪᠡᠭ ᠢ᠋ᠶ᠋ᠡᠷ ᠬᠠᠭᠤᠷᠤᠭᠠᠳ ᠲᠠᠯᠠᠭᠳᠠᠵᠤ ᠳᠠᠪᠤᠰᠤ ᠭᠤᠷᠪᠠᠨ ᠯᠠᠩ ᠢ᠋ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠲᠡᠭᠰᠢᠬᠡᠨ ᠬᠤᠳᠬᠤᠵᠤ ᠡᠳᠦᠷ ᠪᠦᠷᠢ ᠥᠯᠥᠨ ᠢ᠋ᠶ᠋ᠡᠷ ᠨᠢᠭᠡᠨ ᠴᠢᠨ ᠢ᠋ ᠪᠤᠴᠠᠯᠤᠭᠰᠠᠨ ᠤᠰᠤᠨ ᠳ᠋ᠤᠷ ᠲᠠᠯᠪᠢᠵᠤ ᠤᠤᠭᠤᠮᠤᠢ᠃ 
       ᠬᠡᠷᠪᠡ ᠥᠴᠦᠬᠡᠨ ᠲᠡᠳᠦᠢ ᠰᠢᠷ᠎ᠠ ᠲᠣᠰᠣ ᠨᠡᠮᠡᠵᠦ ᠤᠤᠭᠤᠪᠠᠯ ᠨᠡᠩ ᠰᠠᠢᠨ᠃  

ᠨᠠᠩᠭᠢ ᠴᠠᠭᠠᠨ ᠤ᠋ ᠳᠠᠩ   
       ᠡᠨᠡ ᠢᠨᠦ ᠬᠦᠴᠦᠨ ᠲᠠᠮᠢᠷ ᠳᠣᠷᠣᠢ ᠶ᠋ᠢ ᠲᠥᠯᠵᠢᠭᠦᠯᠦᠨ ᠰᠠᠢᠵᠢᠷᠠᠭᠤᠯᠵᠤ ᠬᠣᠳᠣᠭᠣᠳᠣ ᠳᠡᠯᠢᠭᠦᠦ ᠶ᠋ᠢ ᠪᠦᠯᠢᠶᠡᠳᠬᠡᠨ ᠠᠭᠤᠰᠬᠢ ᠶ᠋ᠢ ᠰᠢᠮᠡᠵᠢᠭᠦᠯᠦᠮᠦᠢ᠃ 
       ᠨᠠᠩᠭᠢ ᠴᠠᠭᠠᠨ ᠨᠢᠭᠡ ᠵᠢᠩ ᠢ᠋ ᠴᠢᠨᠠᠵᠤ ᠪᠤᠯᠭᠤᠨ᠂ ᠬᠣᠨᠣᠭ ᠪᠤᠳᠠᠭ᠎ᠠ ᠳᠤᠮᠳᠠᠭᠤᠷ ᠱᠧᠩ ᠢ᠋ ᠬᠠᠭᠤᠷᠴᠤ ᠭᠤᠯᠢᠷ ᠪᠣᠯᠭᠠᠨ ᠲᠠᠯᠠᠭᠳᠠᠵᠤ᠂ ᠭᠦᠢᠯᠡᠰᠦᠨ ᠴᠥᠮ᠎ᠡ ᠬᠣᠶᠠᠷ ᠵᠢᠩ ᠢ᠋ ᠬᠡᠳᠤᠷᠡᠦ ᠪᠤᠯᠭᠤᠨ ᠬᠠᠭᠤᠷᠤᠭᠠᠳ ᠬᠠᠯᠢᠰᠤ ᠪᠠ ᠦᠵᠦᠭᠦᠷ ᠢ᠋ ᠢᠨᠦ ᠠᠪᠴᠤ ᠬᠠᠶᠠᠨ ᠠᠮᠤ ᠶ᠋ᠢᠨ ᠮᠥᠬᠥᠯᠢᠭ ᠬᠢᠷᠢᠲᠡᠢ ᠬᠡᠷᠴᠢᠮᠦᠢ᠃ 
       ᠳᠡᠭᠡᠷᠡᠬᠢ ᠬᠣᠨᠣᠭ ᠪᠤᠳᠠᠭ᠎ᠠ ᠬᠢᠭᠡᠳ ᠭᠦᠢᠯᠡᠰᠦᠨ ᠴᠥᠮ᠎ᠡ ᠶ᠋ᠢ ᠡᠳᠦᠷ ᠪᠦᠷᠢ ᠥᠯᠥᠨ ᠢ᠋ᠶ᠋ᠡᠷ ᠬᠣᠶᠠᠷ ᠴᠢᠨ ᠢ᠋ ᠪᠤᠴᠠᠯᠤᠭᠰᠠᠨ ᠤᠰᠤᠨ ᠳ᠋ᠤᠷ ᠲᠠᠯᠪᠢᠵᠤ ᠰᠢᠷ᠎ᠠ ᠲᠣᠰᠣ ᠶ᠋ᠢ ᠪᠠᠭ᠎ᠠ ᠰᠠᠭ᠎ᠠ ᠨᠡᠮᠡᠵᠦ ᠤᠤᠭᠤᠬᠤ ᠪᠥᠭᠡᠳ ᠨᠠᠩᠭᠢ ᠴᠠᠭᠠᠨ ᠢ᠋ ᠬᠢᠷᠢ ᠵᠡᠷᠭᠡ ᠢᠳᠡᠭᠰᠡᠨ ᠴᠦ᠍ ᠪᠣᠯᠤᠮᠤᠢ᠃ 

ᠳᠥᠷᠪᠡᠨ ᠨᠠᠢᠷᠠᠯᠲᠠ ᠶ᠋ᠢᠨ ᠳᠠᠩ     
       ᠬᠡᠪᠡᠯᠢ ᠳᠣᠲᠣᠷ᠎ᠠ ᠬᠦᠢᠲᠡᠨ ᠢ᠋ᠶ᠋ᠡᠷ ᠡᠪᠡᠳᠴᠦ ᠬᠣᠳᠣᠭᠣᠳᠣ ᠳᠡᠯᠢᠭᠦᠨ ᠲᠠᠮᠢᠷ ᠮᠠᠭᠤ ᠶ᠋ᠢ ᠵᠠᠰᠠᠮᠤᠢ᠃ 
       ᠴᠠᠭᠠᠨ ᠭᠤᠯᠢᠷ ᠨᠢᠭᠡᠨ ᠵᠢᠩ ᠮᠠᠭᠠᠯᠢᠩᠭᠤ ᠨᠢᠭᠡᠨ ᠵᠢᠩ ᠪᠠᠳᠮᠠᠭ᠎ᠠ ᠬᠣᠶᠠᠷ ᠯᠠᠩ᠂ ᠳᠠᠪᠤᠰᠤ ᠨᠢᠭᠡᠨ ᠯᠠᠩ ᠢ᠋ ᠲᠣᠰᠪᠣᠷᠢ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠲᠠᠯᠠᠭᠳᠠᠵᠤ ᠡᠳᠦᠷ ᠪᠦᠷᠢ ᠥᠯᠥᠨ ᠭᠡᠳᠡᠰᠦ ᠪᠡᠷ ᠪᠤᠴᠠᠯᠤᠭᠰᠠᠨ ᠤᠰᠤᠨ ᠳ᠋ᠤᠷ ᠵᠢᠭᠤᠷᠠᠵᠤ ᠤᠤᠭᠤᠮᠤᠢ᠃  

ᠴᠢᠪᠠᠭ᠎ᠠ ᠭᠠ ᠶ᠋ᠢᠨ ᠳᠠᠩ    
       ᠬᠣᠳᠣᠭᠣᠳᠣ ᠳᠡᠯᠢᠭᠦᠦ ᠶ᠋ᠢ ᠵᠣᠬᠢᠴᠠᠭᠤᠯᠤᠨ ᠰᠠᠢᠵᠢᠷᠠᠭᠤᠯᠵᠤ ᠢᠳᠡᠭᠡᠨ ᠤᠮᠳᠠᠭᠠᠨ ᠤ᠋ ᠳᠤᠷ᠎ᠠ ᠶ᠋ᠢ ᠨᠡᠭᠡᠭᠡᠭᠳᠡᠭᠦᠯᠦᠮᠦᠢ᠃ 
       ᠨᠣᠢᠲᠠᠨ ᠭᠠ ᠨᠢᠭᠡᠨ ᠵᠢᠩ ᠢ᠋ ᠬᠡᠷᠴᠢᠮ ᠪᠣᠯᠭᠠᠨ ᠬᠡᠷᠴᠢᠵᠦ᠂ ᠴᠢᠪᠠᠭ᠎ᠠ ᠭᠤᠷᠪᠠᠨ ᠱᠧᠩ ᠦ᠋ᠨ ᠦᠷ᠎ᠡ ᠶ᠋ᠢ ᠢᠨᠦ ᠠᠪᠴᠤ ᠬᠠᠶᠠᠭᠠᠳ ᠬᠠᠭᠤᠷᠴᠤ ᠰᠢᠬᠢᠷ ᠡᠪᠡᠰᠦ ᠬᠣᠶᠠᠷ ᠯᠠᠩ ᠢ᠋ ᠬᠠᠭᠤᠷᠴᠤ᠂ ᠳᠠᠪᠤᠰᠤ ᠬᠣᠶᠠᠷ ᠯᠠᠩ ᠢ᠋ ᠮᠥᠨ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠲᠠᠯᠬ᠎ᠠ ᠪᠣᠯᠭᠠᠨ ᠲᠠᠯᠠᠭᠳᠠᠭᠠᠳ ᠨᠡᠢᠯᠡᠭᠦᠯᠦᠨ ᠬᠤᠳᠬᠤᠵᠤ᠂ ᠡᠳᠦᠷ ᠪᠦᠷᠢ ᠥᠯᠥᠨ ᠦ᠌ ᠦᠶ᠎ᠡ ᠪᠡᠷ ᠪᠤᠴᠠᠯᠤᠭᠰᠠᠨ ᠤᠰᠤᠨ ᠳ᠋ᠤ᠌ ᠵᠢᠭᠤᠷᠠᠵᠤ ᠤᠤᠭᠤᠮᠤᠢ᠃ 

ᠪᠠᠳᠮᠠᠭ᠎ᠠ ᠶ᠋ᠢᠨ ᠳᠠᠩ ᠪᠠᠳᠮᠠᠷᠠᠭ᠎ᠠ   
       ᠴᠤᠯᠤ ᠰᠠᠪᠠ ᠶ᠋ᠢᠨ ᠲᠠᠮᠢᠷ ᠳᠣᠷᠣᠢᠲᠠᠵᠤ ᠬᠡᠪᠡᠯᠢ ᠬᠦᠢᠰᠦ ᠪᠡᠷ ᠵᠢᠩᠭᠢᠨᠡᠵᠦ ᠡᠪᠡᠳᠬᠦ ᠶ᠋ᠢ ᠵᠠᠰᠠᠮᠤᠢ᠃ 
       ᠪᠠᠳᠮᠠᠭ᠎ᠠ ᠨᠢᠭᠡᠨ ᠵᠢᠩ ᠢ᠋ ᠬᠠᠭᠤᠷᠴᠤ᠂ ᠪᠠᠷᠤᠷ᠎ᠠ ᠬᠠᠭᠠᠰ ᠵᠢᠩ᠂ ᠵᠦᠷᠪᠠᠭ ᠬᠠᠭᠠᠰ ᠵᠢᠩ ᠢ᠋ ᠳᠣᠲᠣᠷᠠᠬᠢ ᠴᠠᠭᠠᠨ ᠥᠭᠡᠬᠦ ᠊ᠶᠢ ᠠᠪᠴᠤ ᠬᠠᠶᠠᠨ᠂ ᠰᠢᠬᠢᠷ ᠡᠪᠡᠰᠦ ᠳᠥᠷᠪᠡᠨ ᠯᠠᠩ ᠪᠠ ᠳᠠᠪᠤᠰᠤ ᠬᠠᠭᠠᠰ ᠵᠢᠩ ᠢ᠋ ᠲᠣᠰᠪᠣᠷᠢ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠲᠠᠯᠬ᠎ᠠ ᠪᠣᠯᠭᠠᠭᠠᠳ ᠨᠡᠢᠯᠡᠭᠦᠯᠵᠦ ᠬᠤᠳᠬᠤᠨ ᠡᠳᠦᠷ ᠪᠦᠷᠢ ᠥᠯᠥᠨ ᠦ᠌ ᠦᠶ᠎ᠡ ᠪᠡᠷ ᠪᠤᠴᠠᠯᠤᠭᠰᠠᠨ ᠤᠰᠤᠨ ᠳ᠋ᠤᠷ ᠵᠢᠭᠤᠷᠠᠵᠤ ᠤᠤᠭᠤᠮᠤᠢ᠃ 
 
ᠬᠡᠢ ᠪᠦᠷᠢᠯᠳᠦᠭᠰᠡᠨ ᠢ᠋ ᠲᠠᠷᠬᠠᠭᠠᠬᠤ ᠳᠠᠩ  
       ᠴᠤᠯᠤ ᠰᠠᠪᠠ ᠶ᠋ᠢᠨ ᠲᠠᠮᠢᠷ ᠳᠣᠷᠣᠢᠲᠠᠵᠤ ᠬᠡᠪᠡᠯᠢ ᠡᠪᠡᠳᠴᠦ᠂ ᠴᠡᠭᠡᠵᠢ ᠪᠥᠭᠯᠡᠷᠡᠨ ᠪᠠᠭᠲᠠᠷᠠᠬᠤ ᠶ᠋ᠢ ᠵᠠᠰᠠᠮᠤᠢ᠃ 
       ᠭᠦᠢᠯᠡᠰᠦᠨ ᠴᠥᠮ᠎ᠡ ᠨᠢᠭᠡᠨ ᠵᠢᠩ ᠢ᠋ ᠬᠠᠯᠢᠰᠤ ᠪᠠ ᠦᠵᠦᠭᠦᠷ ᠢ᠋ ᠢᠨᠦ ᠠᠪᠴᠤ ᠬᠠᠶᠠᠭᠠᠳ ᠪᠤᠭᠤᠳᠠᠢ ᠶ᠋ᠢᠨ ᠬᠡᠪᠡᠭ ᠢ᠋ᠶ᠋ᠡᠷ ᠬᠠᠭᠤᠷᠴᠤ ᠠᠰ ᠲᠤᠨᠢ ᠲᠠᠯᠠᠭᠳᠠᠨ᠂ ᠪᠠᠳᠮᠠᠭ᠎ᠠ ᠳᠥᠷᠪᠡᠨ ᠯᠠᠩ ᠢ᠋ ᠬᠠᠭᠤᠷᠴᠤ᠂ ᠭᠠᠮᠠᠷ ᠨᠢᠭᠡᠨ ᠯᠠᠩ᠂ ᠷᠢᠨᠪᠦᠴᠠᠨᠢᠶᠠᠭ ᠬᠣᠶᠠᠷ ᠯᠠᠩ᠂ ᠵᠦᠷᠪᠠᠭ ᠬᠣᠶᠠᠷ ᠯᠠᠩ ᠢ᠋ ᠳᠣᠲᠣᠷᠢᠬᠢ ᠴᠠᠭᠠᠨ ᠢ᠋ ᠥᠭᠡᠬᠦ ᠶ᠋ᠢ ᠠᠪᠴᠤ ᠬᠠᠶᠠᠨ᠂ ᠭᠠᠪᠢᠷ᠎ᠠ ᠶ᠋ᠢᠨ ᠴᠡᠴᠡᠭ ᠬᠠᠭᠠᠰ ᠵᠢᠩ ᠶᠦᠩᠸ᠎ᠠ ᠨᠢᠭᠡᠨ ᠯᠠᠩ᠂ ᠷᠦᠳᠠ ᠨᠢᠭᠡᠨ ᠯᠠᠩ᠂ ᠯᠢᠰᠢ ᠨᠢᠭᠡᠨ ᠯᠠᠩ᠂ ᠰᠢᠬᠢᠷ ᠡᠪᠡᠰᠦ ᠬᠠᠭᠠᠰ ᠵᠢᠩ᠂ ᠳᠠᠪᠤᠰᠤ ᠬᠠᠭᠠᠰ ᠵᠢᠩ᠃ 
       ᠳᠡᠭᠡᠷᠡᠬᠢ ᠵᠦᠢᠯ ᠦ᠋ᠳ ᠢ᠋ ᠲᠠᠯᠠᠭᠳᠠᠵᠤ ᠨᠡᠢᠯᠡᠭᠦᠯᠦᠭᠡᠳ ᠪᠤᠴᠠᠯᠤᠭᠰᠠᠨ ᠤᠰᠤᠨ ᠳ᠋ᠤᠷ ᠵᠢᠭᠤᠷᠠᠵᠤ ᠥᠯᠥᠨ ᠢ᠋ᠶ᠋ᠡᠷ ᠤᠤᠭᠤᠮᠤᠢ᠃ 

ᠮᠥᠩᠭᠥᠨ ᠭᠦᠢᠯᠡᠰᠦ ᠶ᠋ᠢᠨ ᠳᠠᠩ   
       ᠳᠣᠲᠣᠷ ᠬᠠᠯᠠᠭᠤᠨ ᠣᠷᠣᠰᠢᠵᠤ ᠪᠠᠴᠢᠮᠳᠠᠨ ᠲᠠᠴᠢᠶᠠᠳᠠᠵᠤ᠂ ᠭᠡᠳᠡᠰᠦᠨ ᠦ᠌ ᠨᠢᠶᠠᠨ ᠬᠡᠵᠢᠭ ᠢ᠋ᠶ᠋ᠡᠷ ᠪᠥᠭᠡᠯᠵᠢᠵᠦ ᠣᠭᠰᠢᠬᠤ᠂ ᠠᠮᠠ ᠬᠠᠲᠠᠵᠤ ᠤᠮᠳᠠᠭᠠᠰᠬᠤ᠂ ᠰᠢᠮ᠎ᠡ ᠰᠢᠭᠦᠰᠦ ᠰᠠᠭᠠᠳᠦᠭ᠌ᠰᠠᠨ ᠵᠡᠷᠭᠡ ᠶ᠋ᠢ ᠡᠮᠨᠡᠮᠦᠢ᠃ 
       ᠮᠥᠩᠭᠥᠨ ᠭᠦᠢᠯᠡᠰᠦᠨ ᠮᠢᠬ᠎ᠠ ᠨᠢᠭᠡ ᠵᠢᠩ᠂ ᠴᠠᠭᠠᠨ ᠽᠠᠨᠳᠠᠨ ᠳᠥᠷᠪᠡᠨ ᠯᠠᠩ ᠰᠢᠬᠢᠷ ᠡᠪᠡᠰᠦ ᠪᠠ ᠳᠥᠷᠪᠡᠨ ᠯᠠᠩ ᠳᠠᠪᠤᠰᠤ ᠬᠠᠭᠠᠰ ᠵᠢᠩ᠃ 
       ᠳᠡᠭᠡᠷᠡᠬᠢ ᠵᠦᠢᠯ ᠦ᠋ᠳ ᠢ᠋ ᠨᠠᠷᠢᠨ ᠲᠠᠯᠠᠭᠳᠠᠵᠤ᠂ ᠤᠳᠠᠭ᠎ᠠ ᠪᠦᠷᠢ ᠨᠢᠭᠡᠨ ᠴᠢᠨ ᠳ᠋ᠦ᠍ᠷ ᠨᠣᠢᠲᠠᠨ ᠭᠠ ᠶ᠋ᠢᠨ ᠰᠢᠭᠦᠰᠦ ᠶ᠋ᠢ ᠥᠴᠦᠬᠡᠨ ᠲᠠᠯᠪᠢᠭᠠᠳ ᠪᠤᠴᠠᠯᠤᠭᠰᠠᠨ ᠣᠰᠤᠨ᠎ᠠ ᠵᠢᠭᠤᠷᠠᠵᠤ ᠤᠤᠭᠤᠮᠤᠢ᠃ 

ᠪᠢᠯᠤ᠎ᠠ ᠶ᠋ᠢᠨ ᠳᠠᠩ   
       ᠬᠥᠯ ᠦ᠋ᠨ ᠪᠢᠯᠴᠠᠤ ᠡᠪᠡᠳᠴᠢᠨ ᠢ᠋ᠶ᠋ᠡᠷ ᠬᠥᠯ ᠢᠨᠦ ᠮᠡᠳᠡᠷᠡᠯ ᠠᠯᠳᠠᠬᠤ᠂ ᠡᠪᠦᠳᠦᠭ ᠬᠡᠰᠡᠭ ᠢ᠋ᠶ᠋ᠡᠷ ᠶᠠᠩᠭᠢᠨᠠᠵᠤ ᠡᠪᠡᠳᠬᠦ ᠶ᠋ᠢ ᠵᠠᠰᠠᠮᠤᠢ᠃
       ᠪᠢᠯᠤ᠎ᠠ ᠳᠥᠷᠪᠡ ᠶ᠋ᠢ ᠵᠢᠩᠨᠡᠵᠦ ᠪᠣᠯᠭᠣᠭᠠᠳ ᠬᠠᠯᠢᠰᠤ ᠶ᠋ᠢ ᠠᠪᠴᠤ ᠬᠠᠶᠠᠨ ᠨᠢᠯᠴᠠᠷᠲᠠᠯ᠎ᠠ ᠨᠢᠯᠲᠠᠭᠯᠢᠭ ᠪᠣᠯᠭᠠᠨ ᠨᠦᠳᠦᠮᠦᠢ᠃ ᠴᠠᠭᠠᠨ ᠪᠠᠯ ᠬᠣᠶᠠᠷ ᠵᠢᠩ ᠢ᠋ ᠴᠡᠪᠡᠷᠯᠡᠵᠦ ᠪᠣᠯᠭᠣᠮᠤᠢ᠃ 
       ᠳᠡᠭᠡᠷᠡᠬᠢ ᠬᠣᠶᠠᠷ ᠵᠦᠢᠯ ᠢ᠋ ᠲᠡᠭᠰᠢᠬᠡᠨ ᠵᠢᠭᠤᠷᠠᠭᠠᠳ ᠴᠡᠪᠡᠷ ᠱᠠᠭᠠᠵᠠᠩ ᠰᠠᠪᠠ ᠳ᠋ᠤᠷ ᠠᠬᠤᠭᠤᠯᠵᠤ᠂ ᠥᠯᠥᠨ ᠦ᠌ ᠦᠶ᠎ᠡ ᠪᠡᠷ ᠪᠤᠴᠠᠯᠤᠭᠰᠠᠨ ᠤᠰᠤ ᠪᠠᠷ ᠵᠢᠭᠤᠷᠠᠵᠤ ᠢᠳᠡᠮᠦᠢ᠃ 

ᠠᠷᠢᠬᠢ ᠶ᠋ᠢ ᠰᠡᠷᠢᠭᠡᠬᠦ ᠵᠦᠷᠪᠠᠭ ᠤ᠋ᠨ ᠳᠠᠩ 
        ᠠᠷᠢᠬᠢᠨ ᠳ᠋ᠤ᠌ ᠰᠣᠭᠲᠣᠭᠠᠳ ᠠᠷᠢᠬᠢᠨ ᠤ᠋ ᠬᠣᠣᠷ ᠠᠯᠳᠠᠷᠠᠬᠤ ᠦᠭᠡᠢ ᠪᠥᠭᠡᠳ ᠪᠥᠭᠡᠯᠵᠢᠰᠦ ᠬᠤᠳᠬᠤᠬᠤ ᠭᠡᠭᠡᠷᠡᠬᠦ ᠪᠠ ᠰᠢᠷ᠎ᠠ ᠬᠥᠭᠡᠷᠬᠦ ᠶ᠋ᠢ ᠡᠮᠨᠡᠮᠦᠢ᠃ 
       ᠬᠦᠴᠢᠲᠡᠢ ᠵᠦᠷᠵᠢ ᠶ᠋ᠢᠨ ᠬᠠᠯᠢᠰᠤ ᠨᠢᠭᠡ ᠵᠢᠩ ᠢ᠋ ᠳᠣᠲᠣᠷᠠᠬᠢ ᠴᠠᠭᠠᠨ ᠢ᠋ ᠠᠪᠴᠤ ᠬᠠᠶᠠᠨ᠂ ᠬᠠᠭᠤᠴᠢᠷᠠᠭᠰᠠᠨ ᠵᠦᠷᠵᠢ ᠶ᠋ᠢᠨ ᠬᠠᠯᠢᠰᠤ (ᠵᠦᠷᠪᠠᠭ) ᠨᠢᠭᠡᠨ ᠵᠢᠩ ᠢ ᠳᠣᠲᠣᠷᠠᠬᠢ ᠴᠠᠭᠠᠨ ᠢ᠋ ᠠᠪᠴᠤ ᠬᠠᠶᠠᠨ᠂ ᠽᠠᠨᠳᠠᠨ ᠳᠥᠷᠪᠡᠨ ᠯᠠᠩ᠂ ᠵᠡᠷᠯᠢᠭ ᠣᠯᠣᠰᠣᠨ ᠴᠡᠴᠡᠭ ᠢ᠋ ᠬᠠᠭᠠᠰ ᠵᠢᠩ᠂ ᠨᠣᠭᠣᠭᠠᠨ ᠪᠤᠷᠴᠠᠭ ᠤ᠋ᠨ ᠴᠡᠴᠡᠭ ᠬᠠᠭᠠᠰ ᠵᠢᠩ᠂ ᠣᠷᠬᠣᠳᠠᠢ ᠬᠣᠶᠠᠷ ᠯᠠᠩ ᠢ᠋ ᠵᠠᠯᠭᠠᠰᠤ ᠶᠢ ᠠᠪᠴᠤ ᠬᠠᠶᠠᠨ᠂ ᠴᠠᠭᠠᠨ ᠰᠦᠭᠮᠸᠯ ᠦ᠋ᠨ ᠴᠥᠮ᠎ᠡ ᠶ᠋ᠢ ᠬᠣᠶᠠᠷ ᠯᠠᠩ᠂ ᠳᠠᠪᠤᠰᠤ ᠵᠢᠷᠭᠤᠭᠠᠨ ᠯᠠᠩ ᠢ᠋ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠨᠠᠷᠢᠨ ᠲᠠᠯᠠᠭᠳᠠᠵᠤ᠂ ᠡᠳᠦᠷ ᠪᠦᠷᠢ ᠥᠯᠥᠨ ᠢ᠋ᠶ᠋ᠡᠷ ᠪᠤᠴᠠᠯᠤᠭᠰᠠᠨ ᠤᠰᠤ ᠪᠠᠷ ᠵᠢᠭᠤᠷᠠᠵᠤ ᠤᠤᠭᠤᠮᠤᠢ᠃ 

 
               ᠦᠰᠦᠭ ᠠᠮᠢᠯᠠᠭᠤᠯᠤᠭᠰᠠᠨ ᠨᠢ ᠄ ᠭᠠᠸᠠ 
                   ᠬᠢᠨᠠᠭᠴᠢ ᠄ ᠲᠤᠭᠴᠢ ᠰᠠᠷᠠᠨ᠎ᠠ