ᠴᠢᠮ᠎ᠠ ᠤᠷᠤᠭᠤ ᠯᠠ ᠭᠡᠨ᠎ᠡ ᠳᠡ -ᠪᠠᠶᠠᠰᠬᠤᠯᠠᠩЧам руу л гэнэ да-Баясгалан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠤᠷᠤᠭᠤ ᠯᠠ ᠭᠡᠨ᠎ᠡ ᠳᠡ -ᠪᠠᠶᠠᠰᠬᠤᠯᠠᠩЧам руу л гэнэ да-Баясгалан

ᠴᠢᠮ᠎ᠠ ᠤᠷᠤᠭᠤ ᠯᠠ ᠭᠡᠨ᠎ᠡ ᠳᠡ -ᠪᠠᠶᠠᠰᠬᠤᠯᠠᠩЧам руу л гэнэ да-Баясгалан

ᠠᠩᠭᠢᠯᠠᠯ:ᠳᠠᠭᠤᠤ ᠬᠥᠭᠵᠢᠮ
2026-04-27

21

ᠴᠢᠮ᠎ᠠ ᠤᠷᠤᠭᠤ ᠯᠠ ᠭᠡᠨ᠎ᠡ ᠳᠡ


             ᠪᠠᠶᠠᠰᠬᠤᠯᠠᠩ 

ᠠᠭᠠᠳᠠᠷ ᠴᠢᠳᠬᠤᠵᠤ ᠪᠠᠢᠪᠠᠴᠤ ᠴᠢᠮ᠎ᠠ ᠤᠷᠤᠭᠤ ᠯᠠ ᠭᠡᠨ᠎ᠡ ᠳᠡ ᠪᠢ 
ᠠᠯᠤᠰ ᠬᠥᠮᠦᠨ ᠦ᠌ ᠨᠤᠲᠤᠭ ᠠ᠋ᠴᠠ ᠴᠤ᠌ ᠴᠢᠮ᠎ᠠ ᠤᠷᠤᠭᠤ ᠯᠠ ᠭᠡᠨ᠎ᠡ ᠳᠡ ᠪᠢ 
ᠴᠢᠮ᠎ᠠ ᠶ᠋ᠢ ᠪᠡᠨ ᠭᠡᠨ᠎ᠡ ᠳᠡ ᠪᠢ 

ᠪᠣᠳᠣᠯ ᠭᠠᠭᠴᠠᠭᠠᠷ ᠤᠬᠢᠯᠠᠪᠠᠴᠤ ᠴᠢᠮ᠎ᠠ ᠤᠷᠤᠭᠤ ᠯᠠ ᠭᠡᠨ᠎ᠡ ᠳᠡ ᠪᠢ 
ᠰᠢᠪᠠᠭᠤᠳ ᠵᠡᠯᠡᠯᠡᠭᠡᠳ ᠣᠳᠤᠭᠰᠠᠨ ᠴᠤ᠌ ᠴᠢᠮ᠎ᠠ ᠤᠷᠤᠭᠤ ᠯᠠ ᠭᠡᠨ᠎ᠡ ᠳᠡ ᠪᠢ 
ᠴᠢᠮ᠎ᠠ ᠶ᠋ᠢ ᠪᠡᠨ ᠭᠡᠨ᠎ᠡ ᠳᠡ ᠪᠢ 

ᠴᠡᠴᠡᠭᠡᠰ ᠳᠡᠷᠭᠡᠳᠡ ᠳᠡᠯᠭᠡᠷᠡᠭᠰᠡᠨ ᠴᠦ᠍ ᠴᠢᠮ᠎ᠠ ᠤᠷᠤᠭᠤ ᠯᠠ ᠭᠡᠨ᠎ᠡ ᠳᠡ ᠪᠢ
ᠰᠠᠷᠠᠭᠤᠯ ᠠᠭᠤᠳᠠᠮ ᠰᠥᠨᠢ ᠪᠡᠷ ᠴᠦ᠍ ᠴᠢᠮ᠎ᠠ ᠤᠷᠤᠭᠤ ᠯᠠ ᠭᠡᠨ᠎ᠡ ᠳᠡ ᠪᠢ
ᠴᠢᠮ᠎ᠠ ᠶ᠋ᠢ ᠪᠡᠨ ᠭᠡᠨ᠎ᠡ ᠳᠡ ᠪᠢ

ᠬᠠᠢᠷ᠎ᠠ ᠪᠠᠨ ᠨᠢᠭᠤᠭᠠᠳ ᠣᠳᠤᠭᠰᠠᠨ ᠴᠦ᠍ ᠴᠢᠮ᠎ᠠ ᠤᠷᠤᠭᠤ ᠯᠠ ᠭᠡᠨ᠎ᠡ ᠳᠡ ᠪᠢ 
ᠬᠠᠷᠠᠴᠠ ᠪᠠᠨ ᠪᠤᠷᠤᠭᠤᠯᠠᠵᠤ ᠶᠠᠪᠤᠭᠰᠠᠨ ᠴᠤ᠌ ᠴᠢᠮ᠎ᠠ ᠤᠷᠤᠭᠤ ᠯᠠ ᠭᠡᠨ᠎ᠡ ᠳᠡ ᠪᠢ
ᠴᠢᠮ᠎ᠠ ᠶ᠋ᠢ ᠪᠡᠨ ᠭᠡᠨ᠎ᠡ ᠳᠡ ᠪᠢ

ᠬᠣᠷᠣᠮᠬᠠᠨ ᠴᠠᠭ ᠤ᠋ᠨ ᠲᠣᠭᠣᠰᠣᠨ ᠳ᠋ᠤ᠌ ᠴᠤ᠌ ᠴᠢᠮ᠎ᠠ ᠤᠷᠤᠭᠤ ᠯᠠ ᠭᠡᠨ᠎ᠡ ᠳᠡ ᠪᠢ
ᠪᠤᠷᠬᠠᠳ ᠳᠡᠭᠡᠳᠦᠰ ᠦ᠋ᠨ ᠲᠣᠭᠣᠷᠢᠭ ᠢ᠋ᠶ᠋ᠠᠷ ᠴᠤ᠌ ᠴᠢᠮ᠎ᠠ ᠤᠷᠤᠭᠤ ᠯᠠ ᠭᠡᠨ᠎ᠡ ᠳᠡ ᠪᠢ
ᠴᠢᠮ᠎ᠠ ᠶ᠋ᠢ ᠪᠡᠨ ᠭᠡᠨ᠎ᠡ ᠳᠡ ᠪᠢ

ᠨᠠᠰᠤᠨ ᠪᠤᠭᠤᠷᠤᠯ ᠪᠣᠯᠤᠭᠰᠠᠨ ᠴᠤ᠌ ᠴᠢᠮ᠎ᠠ ᠤᠷᠤᠭᠤ ᠯᠠ ᠭᠡᠨ᠎ᠡ ᠳᠡ ᠪᠢ
ᠪᠤᠶᠠᠨ ᠵᠠᠶᠠᠭᠠᠨ ᠤ᠋ ᠤᠴᠠᠷᠠᠯ ᠳ᠋ᠤ᠌ ᠴᠤ᠌ ᠴᠢᠮ᠎ᠠ ᠤᠷᠤᠭᠤ ᠯᠠ ᠭᠡᠨ᠎ᠡ ᠳᠡ ᠪᠢ
ᠴᠢᠮ᠎ᠠ ᠶ᠋ᠢ ᠪᠡᠨ ᠭᠡᠨ᠎ᠡ ᠳᠡ ᠪᠢ

   ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
   ᠦᠰᠦᠭ ᠬᠠᠲᠠᠭᠴᠢ᠄ ᠬᠠᠨ ᠱᠢ ᠵᠢᠶᠦ᠋ᠨ
   ᠬᠢᠨᠠᠭᠴᠢ᠄ ᠣᠳᠬᠠᠨᠰᠣ᠎ᠠ