ᠰᠠᠭᠠᠩ ᠰᠡᠴᠡᠨ- ᠮᠦ‍ ᠂ ᠬᠠᠰᠰᠣᠳᠣСаган сэцэн-Мө ,Хассод ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠭᠠᠩ ᠰᠡᠴᠡᠨ- ᠮᠦ‍ ᠂ ᠬᠠᠰᠰᠣᠳᠣСаган сэцэн-Мө ,Хассод

ᠰᠠᠭᠠᠩ ᠰᠡᠴᠡᠨ- ᠮᠦ‍ ᠂ ᠬᠠᠰᠰᠣᠳᠣСаган сэцэн-Мө ,Хассод

2026-04-27

9

ᠰᠠᠭᠠᠩ ᠰᠡᠴᠡᠨ


        ᠵᠣᠬᠢᠶᠠᠭᠴᠢ᠄ ᠮᠦ‍ ᠂ ᠬᠠᠰᠰᠣᠳᠣ 
        ᠤᠶᠠᠩᠭᠠᠯᠠᠭᠴᠢ᠄ ᠤᠢᠭᠤᠷᠵᠢᠨ ᠦᠨᠳᠦᠰᠦ 

ᠣᠳᠣ ᠰᠠᠷᠠᠨ ᠤ᠋ ᠳᠣᠣᠷ᠎ᠠ 
ᠣᠷᠳᠣᠰ ᠭᠡᠮᠡᠨ ᠠᠯᠳᠠᠷᠰᠢᠭᠰᠠᠨ 
ᠰᠢᠵᠢᠷ ᠨᠠᠷᠠᠨ ᠤ᠋ ᠳᠣᠣᠷ᠎ᠠ 
ᠰᠢᠷᠠᠠᠤᠰᠤᠨ ᠭᠡᠮᠡᠨ ᠳᠠᠭᠤᠷᠢᠰᠤᠭᠰᠠᠨ 
ᠰᠠᠢᠬᠠᠨ ᠡᠨᠡ ᠭᠠᠵᠠᠷ ᠪᠣᠯ 
ᠰᠠᠭᠠᠩ  ᠰᠡᠴᠡᠨ ᠦ᠌ ᠨᠤᠲᠤᠭ ᠡ 

ᠮᠣᠩᠭᠣᠯ ᠬᠢᠲᠠᠳ ᠲᠥᠪᠡᠳ ᠦ᠋ᠨ 
ᠮᠤᠨᠳᠠᠭ ᠶᠡᠬᠡ ᠲᠡᠦᠬᠡ 
ᠮᠠᠨᠵᠤ᠂ ᠡᠨᠡᠳᠬᠡᠭ ᠤᠯᠤᠰ ᠤ᠋ᠨ
ᠮᠠᠭᠠᠳ ᠦᠨᠡᠨ ᠴᠠᠳᠢᠭ ᠢ᠋
ᠡᠷᠳᠡᠮᠲᠡᠨ ᠰᠠᠭᠠᠩ ᠰᠡᠴᠡᠨ
《ᠡᠷᠳᠡᠨᠢ ᠶ᠋ᠢᠨ ᠲᠣᠪᠴᠢ ᠳ᠋ᠤ᠌ ᠪᠠᠨ 》ᠡᠪᠬᠡᠵᠡᠢ

ᠬᠣᠩ ᠲᠠᠢᠵᠢ ᠰᠡᠴᠡᠨ
ᠬᠤᠯᠤᠰᠤᠨ ᠦᠵᠦᠭ ᠬᠤᠷᠴᠠᠯᠠᠵᠤ
ᠬᠣᠯᠠ ᠶ᠋ᠢᠨ ᠪᠣᠳᠣᠯ ᠭᠢᠯᠠᠰᠴᠤ
ᠬᠣᠪᠣᠷ 《ᠡᠷᠳᠡᠨᠢ》 ᠶ᠋ᠢ ᠪᠢᠴᠢᠪᠡ
《ᠬᠠᠳ ᠤ᠋ᠨ ᠦᠨᠳᠦᠰᠦᠨ ᠦ᠌ ᠡᠷᠳᠡᠨᠢ ᠶ᠋ᠢᠨ ᠲᠣᠪᠴᠢ》
ᠬᠠᠮᠤᠭ ᠮᠣᠩᠭᠣᠯ ᠤ᠋ᠨ ᠲᠤᠯᠭᠤᠷ ᠪᠢᠴᠢᠭ

ᠬᠥᠷᠥᠰᠥᠲᠦ ᠠᠯᠲᠠᠨ ᠳᠡᠯᠡᠬᠡᠢ ᠶ᠋ᠢᠨ
ᠬᠦᠨᠳᠦᠯᠡᠨ ᠦᠵᠡᠳᠡᠭ ᠨᠣᠮ
ᠬᠥᠮᠦᠨ ᠲᠥᠷᠥᠯᠬᠢᠲᠡᠨ ᠦ᠌ ᠰᠣᠶᠣᠯ ᠤ᠋ᠨ
ᠬᠦᠷᠳᠦᠨ ᠡᠷᠭᠢᠭᠦᠯᠳᠡᠭ ᠵᠢᠷᠤᠬᠠᠢ
ᠰᠠᠭᠠᠩ ᠰᠡᠴᠡᠨ ᠡᠷᠳᠡᠮᠲᠡᠨ
ᠰᠠᠷᠠᠭᠤᠯ ᠤᠬᠠᠭᠠᠨ ᠤ᠋ ᠲᠣᠯᠢ ᠡ
      
      ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
      ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
      ᠦᠰᠦᠭ ᠬᠢᠨᠠᠭᠴᠢ ᠄ ᠳᠤᠯᠠᠭᠠᠨ