ᠡᠩᠬᠡ ᠶ᠋ᠢᠨ ᠮᠠᠨᠠᠭ᠎ᠠ- ᠮᠢᠰᠲ᠋ᠧᠷ ᠬᠠᠮᠲᠤᠯᠢᠭЭнхийн манаа-Мистр хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠩᠬᠡ ᠶ᠋ᠢᠨ ᠮᠠᠨᠠᠭ᠎ᠠ- ᠮᠢᠰᠲ᠋ᠧᠷ ᠬᠠᠮᠲᠤᠯᠢᠭЭнхийн манаа-Мистр хамтлаг

ᠡᠩᠬᠡ ᠶ᠋ᠢᠨ ᠮᠠᠨᠠᠭ᠎ᠠ- ᠮᠢᠰᠲ᠋ᠧᠷ ᠬᠠᠮᠲᠤᠯᠢᠭЭнхийн манаа-Мистр хамтлаг

ᠠᠩᠭᠢᠯᠠᠯ:ᠳᠠᠭᠤᠤ ᠬᠥᠭᠵᠢᠮ
2026-04-27

114

ᠡᠩᠬᠡ ᠶ᠋ᠢᠨ ᠮᠠᠨᠠᠭ᠎ᠠ


    ᠳᠠᠭᠤᠴᠢᠨ᠄ ᠮᠢᠰᠲ᠋ᠧᠷ ᠬᠠᠮᠲᠤᠯᠢᠭ 

ᠴᠡᠷᠢᠭ ᠦ᠋ᠨ ᠠᠯᠪᠠᠨ ᠳ᠋ᠤ᠌ ᠲᠠᠲᠠᠭᠳᠠᠨ ᠣᠴᠢᠭᠠᠳ 
ᠴᠡᠷᠢᠭ ᠰᠢᠭ ᠢ᠋ᠶ᠋ᠡᠨ ᠳᠠᠳᠤᠭ᠎ᠠ ᠦᠭᠡᠢ ᠳᠡ 
ᠶᠠᠪᠤᠭᠠᠨ ᠮᠠᠷᠱ ᠤ᠋ᠨ ᠠᠷᠤ ᠳ᠋ᠤ᠌ ᠬᠣᠴᠣᠷᠤᠭᠰᠠᠨ 
ᠶᠠᠳᠠᠷᠠᠵᠤ ᠶᠠᠪᠤᠭ᠎ᠠ ᠰᠢᠨ᠎ᠡ ᠴᠡᠷᠢᠭ ᠪᠢ 

ᠬᠠᠢᠷᠠᠲᠤ ᠮᠢᠨᠢ ᠴᠢ ᠮᠢᠨᠢ ᠬᠦᠯᠢᠶᠡᠭᠡᠷᠡᠢ ᠨᠠᠮ᠎ᠠ ᠶ᠋ᠢ ᠪᠡᠨ 
ᠬᠤᠭᠤᠴᠠᠭᠠᠲᠤ ᠴᠡᠷᠢᠭ ᠦ᠋ᠨ ᠠᠯᠪᠠ ᠪᠠᠨ ᠬᠠᠭᠠᠭᠠᠳ 
ᠬᠣᠩᠭᠣᠷ ᠴᠢᠮ᠎ᠠ ᠳ᠋ᠤ᠌ ᠪᠠᠨ ᠣᠴᠢᠨ᠎ᠠ ᠪᠢ 

ᠬᠥᠯ ᠲᠠᠯᠪᠢᠬᠤ ᠳ᠋ᠤ᠌ ᠪᠠᠨ ᠥᠷᠥᠭᠡᠯᠳᠡᠵᠦ ᠪᠤᠳᠤᠯᠢᠭᠰᠠᠨ
ᠬᠣᠨᠣᠭ ᠤ᠋ᠨ ᠡᠭᠡᠯᠵᠢᠨ ᠳ᠋ᠦ᠍ ᠦᠷᠭᠡᠯᠡᠵᠦ ᠶᠠᠳᠠᠷᠠᠭᠰᠠᠨ
ᠵᠢᠭᠰᠠᠬᠤ ᠪᠦᠷᠢ ᠳ᠋ᠦ᠍ ᠪᠡᠨ ᠵᠢᠮᠡᠯᠡᠯ ᠰᠣᠨᠣᠰᠬᠤ
ᠵᠢᠷ ᠦ᠋ᠨ ᠨᠢᠭᠡᠨ ᠰᠢᠨ᠎ᠡ ᠴᠡᠷᠢᠭ
ᠡᠷᠬᠡ ᠴᠢᠯᠥᠭᠡᠲᠦ ᠮᠣᠩᠭᠣᠯ ᠨᠤᠲᠤᠭ
ᠡᠬᠡ ᠣᠷᠣᠨ ᠢ᠋ᠶ᠋ᠠᠨ ᠬᠠᠮᠠᠭᠠᠯᠠᠶ᠎ᠠ
ᠡᠵᠡᠨ ᠴᠢᠩᠭᠢᠰ ᠬᠠᠯᠬ᠎ᠠ ᠨᠤᠲᠤᠭ ᠲᠤ᠌
ᠡᠨᠡ ᠪᠡᠶ᠎ᠡ ᠪᠡᠨ ᠵᠣᠷᠢᠭᠤᠯᠤᠶ᠎ᠠ


ᠨᠣᠷᠮ᠎ᠠ ᠶ᠋ᠢᠨ ᠨᠤᠭᠤᠯᠭᠠᠨ ᠳ᠋ᠤ᠌ ᠴᠡᠪᠡᠷᠬᠡᠨ ᠡᠮᠦᠰᠦᠭᠡᠳ
ᠨᠣᠢᠷ ᠤ᠋ᠨ ᠳᠤᠮᠳᠠ ᠪᠠᠨ ᠠᠮᠠᠷᠠᠭ ᠢ᠋ᠶ᠋ᠠᠨ ᠵᠡᠭᠦᠳᠦᠯᠡᠭᠡᠳ
ᠬᠠᠲᠠᠭᠤ ᠪᠦᠬᠦᠨ ᠢ᠋ ᠵᠣᠷᠢᠭ ᠢ᠋ᠶ᠋ᠠᠷ ᠢ᠋ᠶ᠋ᠠᠨ ᠳᠤᠭᠤᠯᠤᠭᠠᠳ
ᠬᠠᠯᠠ ᠦᠵᠡᠭᠰᠡᠨ ᠠᠰᠠᠮᠠᠨ ᠴᠡᠷᠢᠭ ᠪᠢ

ᠬᠠᠢᠷᠠᠲᠤ ᠮᠢᠨᠢ ᠴᠢ ᠮᠢᠨᠢ
ᠬᠦᠯᠢᠶᠡᠭᠡᠷᠡᠢ ᠨᠠᠮ᠎ᠠ ᠶ᠋ᠢ ᠪᠡᠨ
ᠬᠤᠭᠤᠴᠠᠭᠠᠲᠤ ᠴᠡᠷᠢᠭ ᠦ᠋ᠨ ᠠᠯᠪᠠ ᠪᠠᠨ ᠬᠠᠭᠠᠭᠠᠳ
ᠬᠣᠩᠭᠣᠷ ᠴᠢᠮ᠎ᠠ ᠳ᠋ᠤ᠌ ᠪᠠᠨ ᠣᠴᠢᠨ᠎ᠠ ᠪᠢ

ᠮᠠᠩᠬᠠᠲᠤ ᠬᠢᠯᠢ ᠶ᠋ᠢᠨ ᠭᠣᠪᠢ ᠳ᠋ᠤ᠌ ᠬᠦᠦ ᠴᠢᠨᠢ ᠵᠣᠭᠰᠣᠨ᠎ᠠ
ᠠᠪᠤ ᠶ᠋ᠢᠨ ᠣᠯᠠᠨ ᠦᠷᠡᠰ ᠲᠡᠢ ᠠᠯᠬᠤᠭ᠎ᠠ ᠨᠡᠢᠯᠡᠭᠦᠯᠦᠨ᠎ᠡ
ᠡᠩᠬᠡ ᠶ᠋ᠢᠨ ᠮᠠᠨᠠᠭᠠᠨ ᠳ᠋ᠤ᠌ ᠬᠦᠦ ᠴᠢᠨᠢ ᠵᠣᠭᠰᠣᠨ᠎ᠠ
ᠡᠬᠡ ᠣᠷᠣᠨ ᠤ᠋ ᠬᠢᠯᠢ ᠪᠡᠨ ᠪᠠᠲᠤᠲᠠᠢ ᠬᠠᠮᠠᠭᠠᠯᠠᠨ᠎ᠠ
ᠳᠠᠷᠬᠠᠨ ᠬᠢᠯᠢ ᠶ᠋ᠢᠨ ᠭᠣᠪᠢ ᠳ᠋ᠤ᠌ ᠬᠦᠦ ᠴᠢᠨᠢ ᠵᠣᠭᠰᠣᠨ᠎ᠠ
ᠳᠠᠢᠴᠢᠨ ᠣᠯᠠᠨ ᠡᠷᠡᠰ ᠲᠡᠢ ᠠᠯᠬᠤᠭ᠎ᠠ ᠪᠠᠨ ᠨᠡᠢᠯᠡᠭᠦᠯᠦᠨ᠎ᠡ
ᠡᠩᠬᠡ ᠶ᠋ᠢᠨ ᠮᠠᠨᠠᠭᠠᠨ ᠳ᠋ᠤ᠌ ᠬᠦᠦ ᠴᠢᠨᠢ ᠵᠣᠭᠰᠣᠨ᠎ᠠ
ᠡᠬᠡ ᠣᠷᠣᠨ ᠤ᠋ ᠳᠠᠷᠬᠠᠨ ᠬᠢᠯᠢ ᠪᠡᠨ ᠪᠠᠲᠤᠲᠠᠢ ᠬᠠᠮᠠᠭᠠᠯᠠᠨ᠎ᠠ


ᠰᠠᠮ ᠰᠡᠮᠬᠡᠨ ᠬᠤᠪᠴᠠᠰᠤ ᠪᠠᠨ ᠪᠡᠯᠡᠳᠦᠭᠡᠳ
ᠰᠡᠳᠬᠢᠯ ᠳᠣᠲᠣᠷ᠎ᠠ ᠪᠠᠨ ᠬᠣᠨᠣᠭ ᠢ᠋ᠶ᠋ᠠᠨ ᠲᠣᠭᠠᠯᠠᠭᠠᠳ
ᠠᠮᠢᠳᠤᠷᠠᠯ ᠲᠡᠮᠡᠴᠡᠯ ᠦ᠋ᠨ ᠵᠠᠮ ᠤᠷᠤᠭᠤ ᠲᠡᠮᠡᠦᠯᠦᠭᠰᠡᠨ
ᠠᠶᠠᠨᠳᠠᠭᠠᠨ ᠬᠠᠯᠠᠭᠳᠠᠬᠤ ᠬᠠᠯᠠᠴᠢ ᠴᠡᠷᠢᠭ ᠪᠢ

ᠬᠠᠢᠷᠠᠲᠤ ᠮᠢᠨᠢ ᠴᠢ ᠮᠢᠨᠢ
ᠬᠦᠯᠢᠶᠡᠭᠡᠷᠡᠢ ᠨᠠᠮ᠎ᠠ ᠶ᠋ᠢ ᠪᠡᠨ
ᠬᠤᠭᠤᠴᠠᠭᠠᠲᠤ ᠴᠡᠷᠢᠭ ᠦ᠋ᠨ ᠠᠯᠪᠠ ᠪᠠᠨ ᠬᠠᠭᠠᠭᠠᠳ
ᠬᠣᠩᠭᠣᠷ ᠴᠢᠮ᠎ᠠ ᠳ᠋ᠤ᠌ ᠪᠠᠨ ᠣᠴᠢᠨ᠎ᠠ ᠪᠢ

ᠮᠠᠨᠤᠰ ᠤ᠋ᠨ ᠵᠣᠷᠢᠯᠭ᠎ᠠ ᠪᠠᠷ ᠬᠢᠯᠢ ᠶ᠋ᠢ ᠵᠣᠷᠢᠭᠤᠯᠵᠤ
ᠡᠬᠡ ᠣᠷᠣᠨ ᠳ᠋ᠤ᠌ ᠪᠠᠨ ᠵᠣᠭᠰᠣᠭᠰᠠᠨ
ᠲᠠᠨ ᠤ᠋ ᠮᠠᠨ ᠤ᠋ ᠡᠪᠦᠭᠡᠳ ᠵᠠᠯᠠᠭᠤᠰ ᠢ᠋ᠶ᠋ᠠᠷ ᠢ᠋ᠶ᠋ᠠᠨ
ᠡᠩᠬᠦᠷᠡᠢ ᠨᠤᠲᠤᠭ ᠢ᠋ᠶ᠋ᠠᠨ ᠳᠠᠭᠤᠯᠠᠭᠰᠠᠨ
ᠢᠯᠠᠭᠳᠠᠵᠤ ᠦᠵᠡᠭᠡ ᠦᠭᠡᠢ ᠮᠣᠩᠭᠣᠯ ᠴᠡᠷᠢᠭ ᠦ᠋ᠨ ᠦᠷᠭᠦᠯᠵᠢᠯᠡᠯ
ᠦᠷ᠎ᠡ ᠬᠣᠢᠴᠢ ᠨᠢ ᠪᠣᠯᠤᠭᠰᠠᠨ ᠴᠡᠷᠢᠭ ᠦ᠋ᠨ ᠬᠥᠪᠡᠭᠦᠨ
ᠬᠠᠳᠠ ᠭᠡᠭᠴᠢ ᠲᠠᠩᠭᠠᠴᠠᠯ ᠬᠢᠭᠰᠡᠨ

ᠬᠠᠪᠤᠷ ᠤ᠋ᠨ ᠭᠤᠷᠪᠠᠨ ᠰᠠᠷ᠎ᠠ ᠶᠢᠰᠦ ᠣᠷᠣᠭᠰᠠᠨ ᠰᠢᠭ᠋ ᠤᠳᠠᠭᠠᠨ ᠪᠠᠢᠨ᠎ᠠ ᠁ᠬᠦᠯᠢᠶᠡᠭᠡᠷᠡᠢ
ᠰᠦᠯᠳᠡ ᠡᠮᠦᠨᠡᠬᠢ ᠳ᠋ᠦ᠍ ᠪᠡᠨ ᠰᠣᠭᠰᠣᠢᠯᠭᠠᠭᠰᠠᠨ ᠤ᠋ ᠲᠤᠯᠠ ᠳ᠋ᠤ᠌
ᠰᠡᠷᠢᠭᠦᠨ ᠵᠣᠯᠪᠣᠭ᠎ᠠ ᠪᠠᠷ ᠢ᠋ᠶ᠋ᠠᠨ ᠴᠢᠮ᠎ᠠ ᠶ᠋ᠢ ᠪᠡᠨ ᠲᠡᠪᠡᠷᠢᠶ᠎ᠡ
ᠠᠯᠲᠠᠨ ᠮᠡᠲᠦ ᠲᠤᠭ ᠤ᠋ᠨ ᠢ᠋ᠶ᠋ᠠᠨ
ᠲᠣᠷᠭᠠᠨ ᠰᠡᠪᠢᠯᠵᠡᠭᠦᠷ ᠢ᠋ ᠦᠨᠦᠰᠦᠭᠰᠡᠨ
ᠠᠮᠢᠨ ᠬᠠᠯᠠᠭᠤᠨ ᠤᠷᠤᠭᠤᠯ ᠢ᠋ᠶ᠋ᠠᠷ ᠢ᠋ᠶ᠋ᠠᠨ
ᠴᠢᠮ᠎ᠠ ᠶ᠋ᠢ ᠪᠡᠨ ᠬᠠᠢᠷᠠᠯᠠᠶ᠎ᠠ

ᠬᠠᠢᠷᠠᠲᠤ ᠮᠢᠨᠢ ᠴᠢ ᠮᠢᠨᠢ ᠬᠦᠯᠢᠶᠡᠭᠡᠷᠡᠢ ᠨᠠᠮ᠎ᠠ ᠪᠠᠨ
ᠬᠤᠭᠤᠴᠠᠭᠠᠲᠤ ᠴᠡᠷᠢᠭ ᠦ᠋ᠨ ᠠᠯᠢᠪᠠ ᠪᠠᠨ ᠬᠠᠭᠠᠭᠠᠳ
ᠬᠣᠩᠭᠣᠷ ᠴᠢᠮ᠎ᠠ ᠳ᠋ᠠᠭᠠᠨ ᠣᠴᠢᠨ᠎ᠠ ᠪᠢ

ᠴᠡᠷᠢᠭ ᠦ᠋ᠨ ᠵᠠᠰᠠᠭᠰᠠᠨ ᠳᠠᠷᠢ ᠣᠷᠣᠨ ᠳᠡᠭᠡᠷ᠎ᠡ
ᠵᠡᠭᠦᠳᠦᠯᠡᠵᠦ ᠬᠣᠨᠣᠭᠰᠠᠨ ᠰᠡᠭᠦᠯᠴᠢ ᠶ᠋ᠢᠨ ᠰᠥᠨᠢ
ᠴᠡᠷᠢᠭ ᠦ᠋ᠨ ᠠᠯᠪᠠ ᠪᠠᠨ ᠠᠷᠤ ᠳ᠋ᠠᠭᠠᠨ ᠣᠷᠬᠢᠭᠠᠳ
ᠰᠡᠳᠬᠢᠯ ᠦ᠋ᠨ ᠴᠢᠮ᠎ᠠ ᠳ᠋ᠠᠭᠠᠨ ᠣᠴᠢᠨ᠎ᠠ ᠪᠢ
ᠳᠠᠰᠤᠯ ᠪᠣᠯᠤᠭᠰᠠᠨ ᠴᠡᠷᠢᠭ ᠦ᠋ᠨ ᠬᠤᠸᠠᠷᠠᠨ
ᠳᠠᠬᠢᠨ ᠳᠠᠬᠢᠨ ᠡᠷᠭᠢᠵᠦ ᠬᠠᠷᠠᠨ᠎ᠠ
ᠳᠠᠢᠴᠢᠨ ᠡᠷᠡᠰ ᠦ᠋ᠨ ᠰᠦᠷ ᠠᠯᠳᠠᠷ ᠢ᠋
ᠳᠡᠭᠡᠭᠰᠢ ᠪᠡᠨ ᠡᠷᠭᠦᠨ ᠮᠠᠨᠳᠤᠭᠤᠯᠤᠶ᠎ᠠ
ᠨᠢᠭᠡ ᠨᠢᠭᠡ ᠨᠢᠭᠡ ᠬᠣᠶᠠᠷ ᠭᠤᠷᠪᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠰᠡᠴᠡᠨᠪᠠᠲᠤ
  ᠬᠢᠨᠠᠭᠴᠢ᠄ ᠣᠳᠬᠠᠨᠰᠣ᠎ᠠ