ᠢᠲᠡᠭᠡᠯᠲᠦ ᠬᠠᠮᠪᠤ ᠶᠢᠨ ᠳᠣᠮᠣᠭEtigelt khambyn domogЭтигэлт хамбын домог ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯᠲᠦ ᠬᠠᠮᠪᠤ ᠶᠢᠨ ᠳᠣᠮᠣᠭEtigelt khambyn domogЭтигэлт хамбын домог

ᠢᠲᠡᠭᠡᠯᠲᠦ ᠬᠠᠮᠪᠤ ᠶᠢᠨ ᠳᠣᠮᠣᠭEtigelt khambyn domogЭтигэлт хамбын домог

2026-04-26

22

ᠢᠲᠡᠭᠡᠯᠲᠦ ᠬᠠᠮᠪᠤ ᠶᠢᠨ ᠳᠣᠮᠣᠭ


   ᠬᠠᠮᠪᠤ ᠶ᠋ᠢᠨ ᠨᠠᠮᠲᠠᠷ ᠲᠡᠦᠬᠡ ᠶ᠋ᠢ ᠨᠢ 
   ᠤᠭ ᠢᠵᠠᠭᠤᠷ ᠭᠠᠷᠪᠠᠯᠢ ᠶ᠋ᠢ ᠨᠢ 
   ᠤᠷᠢᠳᠤ ᠭᠡᠭᠡᠨ ᠲᠥᠷᠥᠯ ᠢ᠋ ᠨᠢ 
   ᠤᠷᠠᠨ ᠦᠭᠡ ᠪᠡᠷ ᠬᠣᠯᠪᠣᠵᠤ 
   ᠠᠷᠠᠳ ᠵᠤᠨ ᠳ᠋ᠠᠭᠠᠨ ᠡᠷᠭᠦᠨᠡᠪ 

ᠢᠲᠡᠭᠡᠯ ᠰᠡᠳᠬᠢᠯ ᠣᠯᠠᠨ᠎ᠠ 
ᠢᠳᠡᠭᠡᠨ ᠦᠨᠡᠨ ᠵᠢᠷᠦᠬᠡᠩᠬᠡᠨ 
ᠢᠲᠡᠭᠡᠯᠡᠢ ᠮᠥᠩᠬᠡ ᠪᠡᠶ᠎ᠡ 
ᠢᠲᠡᠭᠡᠯᠡᠢ ᠪᠠᠭᠰᠢ ᠶ᠋ᠢᠨ ᠥᠯᠮᠡᠢ ᠳ᠋ᠦ᠍ 
ᠢᠲᠡᠭᠡᠯ ᠢ᠋ᠶ᠋ᠡᠷ ᠳᠦᠭᠦᠷᠡᠩ ᠮᠥᠷᠭᠥᠨᠡᠪ 

ᠥᠯᠥᠭᠡᠢ ᠬᠥᠳᠡᠭᠡ ᠪᠠᠭᠤᠴᠠᠬᠠᠨ  
ᠥᠯᠵᠡᠢ ᠳᠣᠪᠣ ᠲᠣᠭᠣᠨᠣᠲᠣᠬᠠᠨ
ᠬᠠᠷᠭᠤᠢ ᠶ᠋ᠢᠨ ᠡᠬᠢᠨ ᠵᠥᠷᠢᠭ ᠦ᠋ᠨ
ᠦᠷᠭᠦᠯ ᠶᠡᠬᠡ ᠪᠠᠭᠤᠮᠠᠯ ᠤ᠋ᠳ
ᠥᠷᠭᠡᠨ ᠵᠠᠮ ᠤ᠋ᠨ ᠬᠠᠷᠠᠭᠤᠯ ᠤ᠋ᠳ

ᠦᠳᠡ ᠶ᠋ᠢᠨ ᠡᠯᠲᠡ ᠶ᠋ᠢᠨ ᠲᠠᠯ᠎ᠠ ᠳ᠋ᠤ᠌
ᠥᠨᠳᠥᠷ ᠡᠷᠳᠡᠮ ᠰᠤᠷᠭᠠᠭᠤᠯᠢ ᠶ᠋ᠢᠨ
ᠡᠭᠦᠳᠡ ᠶ᠋ᠢ ᠨᠢ ᠨᠡᠭᠡᠭᠡᠭᠰᠡᠨ ᠲᠡᠦᠬᠡ ᠲᠡᠢ
ᠰᠢᠳᠢ ᠢᠳᠢ ᠲᠡᠢ ᠪᠠᠭᠰᠢ ᠨᠠᠷ ᠤ᠋ᠨ
ᠱᠠᠪᠢ ᠨᠢ ᠪᠠᠢᠭᠰᠠᠨ ᠨᠠᠮᠲᠠᠷ ᠲᠠᠢ

ᠤᠳᠬ᠎ᠠ ᠪᠠᠷ ᠶᠡᠬᠡ ᠦᠢᠯᠡ ᠲᠡᠢ
ᠤᠷᠢᠳᠤ ᠲᠥᠷᠥᠯ ᠦ᠋ᠨ ᠴᠠᠳᠢᠭ ᠰᠤᠤ
ᠵᠠᠶ᠎ᠠ ᠶ᠋ᠢᠨ ᠬᠠᠮᠪᠤ ᠢᠯᠡᠷᠡᠬᠡᠨ
ᠵᠠᠬᠠᠷᠠᠢ ᠡᠷᠳᠡᠮ ᠲᠡᠢ ᠯᠠᠮᠠᠬᠠᠢ
ᠵᠠᠶᠠᠭᠠᠴᠢ ᠨᠠᠬᠠᠨᠠᠢ ᠨᠢ ᠪᠣᠯᠤᠭ᠎ᠠ

ᠦᠢᠯᠡ ᠶ᠋ᠢᠨ ᠶᠡᠬᠡ ᠤᠳᠬ᠎ᠠ ᠲᠠᠢ
ᠥᠷᠭᠡᠨ ᠴᠢᠬᠡ ᠬᠠᠷᠭᠤᠢ ᠳ᠋ᠠᠭᠠᠨ
ᠭᠠᠪᠵᠤ ᠶ᠋ᠢᠨ ᠵᠢᠩᠳᠡ ᠠᠪᠤᠩᠬᠠᠢ
ᠠᠪᠢᠶᠠᠰ ᠳᠦᠭᠦᠷᠡᠩ ᠵᠢᠷᠦᠬᠡ ᠲᠡᠢ
ᠠᠨᠠᠭᠠᠢ ᠳ᠋ᠠᠼᠠᠩ ᠠ᠋ᠴᠠ ᠭᠠᠷᠤᠭᠰᠠᠨ

ᠴᠣᠢᠷ᠎ᠠ ᠶ᠋ᠢᠨ ᠪᠠᠭᠰᠢ ᠭᠡᠰᠬᠦᠢ ᠪᠯᠠᠮ᠎ᠠ
ᠰᠢᠷᠡᠭᠡᠲᠦ ᠪᠡᠷ ᠲᠡᠢᠬᠦ ᠪᠡᠷ ᠲᠣᠮᠢᠯᠠᠭᠳᠠᠭ᠎ᠠ
ᠠᠯᠳᠠᠷ ᠴᠣᠯᠠ ᠨᠢ ᠲᠠᠷᠠᠵᠤ
ᠠᠷᠠᠳ ᠲᠦᠮᠡᠨ ᠳ᠋ᠡᠭᠡᠨ ᠬᠦᠨᠳᠦᠲᠡᠢ
ᠬᠠᠮᠪᠤ ᠪᠠᠷ ᠤᠳᠠᠯ ᠦᠭᠡᠢ ᠰᠣᠩᠭᠣᠭᠳᠠᠭ᠎ᠠ

   ᠬᠠᠮᠪᠤ ᠶ᠋ᠢᠨ ᠨᠠᠮᠲᠠᠷ ᠲᠡᠦᠬᠡ ᠶ᠋ᠢ ᠨᠢ
   ᠤᠭ ᠢᠵᠠᠭᠤᠷ ᠭᠠᠷᠪᠠᠯᠢ ᠶ᠋ᠢ ᠨᠢ
   ᠤᠷᠢᠳᠤ ᠭᠡᠭᠡᠨ ᠲᠥᠷᠥᠯ ᠢ᠋ ᠨᠢ
   ᠤᠷᠠᠨ ᠦᠭᠡ ᠪᠡᠷ ᠬᠣᠯᠪᠣᠵᠤ
   ᠠᠷᠠᠳ ᠵᠤᠨ ᠳ᠋ᠠᠭᠠᠨ ᠡᠷᠭᠦᠨᠡᠪ

ᠢᠲᠡᠭᠡᠯᠡᠢ ᠬᠠᠮᠪᠤ ᠪᠠᠭᠰᠢ
ᠡᠷᠳᠡᠨᠢ ᠮᠥᠩᠬᠡ ᠪᠡᠶ᠎ᠡ ᠪᠡᠷ ᠢ᠋ᠶ᠋ᠡᠨ
ᠵᠠᠯᠠᠷᠠᠨ ᠮᠠᠨ ᠳ᠋ᠠᠭᠠᠨ ᠪᠤᠴᠠᠩᠬᠠᠢ
ᠵᠢᠭᠠᠪᠤᠷᠢ ᠨᠠᠩᠭᠢᠨ (ᠨᠠᠨᠳᠢᠨ) ᠵᠠᠬᠢᠶ᠎ᠠ ᠪᠠᠷ
ᠵᠤᠨ ᠳ᠋ᠠᠭᠠᠨ ᠵᠣᠯᠭᠠᠨ ᠬᠠᠨᠳᠤᠨ᠎ᠠ᠃

ᠠᠷᠢᠭᠤᠬᠠᠨ ᠪᠤᠷᠢᠶᠠᠳ ᠣᠷᠣᠨ ᠳ᠋ᠠᠭᠠᠨ
ᠠᠶᠤᠰᠢ ᠶ᠋ᠢᠨ ᠬᠠᠮᠪᠤ ᠶ᠋ᠢᠨ ᠪᠤᠰᠬᠠᠭᠰᠠᠨ
ᠣᠷᠳᠣᠨ ᠰᠠᠢᠬᠠᠨ ᠳᠤᠭᠠᠩ ᠰᠤᠤ
ᠣᠷᠴᠢᠨ ᠲᠣᠭᠣᠷᠢᠨ ᠠᠳᠢᠰᠯᠠᠭᠠᠳ
ᠵᠤᠨ ᠳ᠋ᠠᠭᠠᠨ ᠵᠠᠮ ᠢ᠋ ᠨᠢ ᠬᠠᠷᠠᠭᠤᠯᠤᠨ᠎ᠠ᠃

ᠢᠲᠡᠭᠡᠯ ᠰᠡᠳᠬᠢᠯ ᠣᠯᠠᠨ᠎ᠠ
ᠢᠳᠡᠭᠡᠨ ᠦᠨᠡᠨ ᠵᠢᠷᠦᠬᠡᠩᠬᠡᠨ
ᠢᠲᠡᠭᠡᠯᠡᠢ ᠮᠥᠩᠬᠡ ᠪᠡᠶ᠎ᠡ
ᠢᠲᠡᠭᠡᠯᠡᠢ ᠪᠠᠭᠰᠢ ᠶ᠋ᠢᠨ ᠥᠯᠮᠡᠢ ᠳ᠋ᠦ᠍
ᠢᠲᠡᠭᠡᠯ ᠢ᠋ᠶ᠋ᠡᠷ ᠳᠦᠭᠦᠷᠡᠩ ᠮᠥᠷᠭᠥᠨᠡᠪ
ᠢᠲᠡᠭᠡᠯ ᠢ᠋ᠶ᠋ᠡᠷ ᠳᠦᠭᠦᠷᠡᠩ ᠮᠥᠷᠭᠥᠨᠡᠪ