ᠰᠠᠢᠬᠠᠨ ᠬᠠᠩᠭᠠᠢ ᠶ᠋ᠢᠨ ᠪᠤᠭᠤ - ᠮᠣᠩᠭᠣᠯ ᠠᠷᠠᠳ ᠤ᠋ᠨ ᠳᠠᠭᠤᠤСайхан хангайн Буга-Монгол ардын дуу
ᠰᠠᠢᠬᠠᠨ ᠬᠠᠩᠭᠠᠢ ᠶ᠋ᠢᠨ ᠪᠤᠭᠤ
ᠮᠣᠩᠭᠣᠯ ᠠᠷᠠᠳ ᠤ᠋ᠨ ᠳᠠᠭᠤᠤ
— ᠬᠥᠯᠥᠨ ᠪᠤᠢᠷ ᠬᠣᠲᠠ ᠶ᠋ᠢᠨ《 ᠰᠡᠳᠬᠢᠯ ᠦ᠋ᠨ ᠠᠶᠠᠯᠭᠤ》 ᠪᠠᠭᠠᠴᠤᠳ ᠬᠡᠦᠬᠡᠳ ᠦ᠋ᠨ ᠨᠠᠢᠷᠠᠯ ᠳᠠᠭᠤᠤ ᠶ᠋ᠢᠨ ᠠᠩᠬᠢ ᠬᠢᠨ ᠳᠠᠭᠤᠯᠠᠨ᠎ᠠ
ᠰᠠᠢᠬᠠᠨ ᠬᠠᠩᠭᠠᠢ ᠶ᠋ᠢᠨ ᠪᠤᠭᠤ ᠨᠢ
ᠰᠠᠯᠠᠭ᠎ᠠ ᠪᠠᠨ ᠳᠠᠮᠵᠢᠭᠠᠳ ᠤᠷᠤᠮᠳᠠᠨ᠎ᠠ
ᠰᠠᠮᠠᠭᠠᠨ ᠪᠤᠭᠤᠷᠤᠯ ᠡᠵᠢ ᠪᠡᠨ
ᠰᠠᠨᠠᠬᠤ ᠲᠤᠰᠤᠮ ᠢ᠋ᠶ᠋ᠠᠨ ᠳᠤᠷᠠᠰᠤᠨ᠎ᠠ
ᠤᠯᠠᠭᠠᠨ ᠬᠠᠯᠵᠠᠨ ᠪᠤᠭᠤ ᠨᠢ
ᠠᠭᠤᠯᠠ ᠪᠠᠨ ᠳᠠᠮᠵᠢᠭᠠᠳ ᠤᠷᠤᠮᠳᠠᠨ᠎ᠠ
ᠤᠶᠠᠬᠠᠨ ᠰᠡᠳᠬᠢᠯᠲᠦ ᠡᠵᠢ ᠪᠡᠨ
ᠤᠳᠠᠬᠤ ᠲᠤᠰᠤᠮ ᠢ᠋ᠶ᠋ᠠᠨ ᠳᠤᠷᠠᠰᠤᠨ᠎ᠠ
ᠬᠠᠷ᠎ᠠ ᠬᠠᠯᠵᠠᠨ ᠪᠤᠭᠤ ᠨᠢ
ᠬᠠᠳᠠ ᠪᠠᠨ ᠳᠠᠮᠵᠢᠭᠠᠳ ᠣᠷᠣᠮᠳᠠᠨᠠ
ᠬᠠᠢᠷᠠᠲᠠᠢ ᠪᠤᠭᠤᠷᠤᠯ ᠡᠵᠢ ᠪᠡᠨ
ᠬᠠᠷᠠᠬᠤ ᠲᠤᠰᠤᠮ ᠢ᠋ᠶ᠋ᠠᠨ ᠳᠤᠷᠠᠰᠤᠨ᠎ᠠ
ᠰᠠᠢᠬᠠᠨ ᠬᠠᠩᠭᠠᠢ ᠶ᠋ᠢᠨ ᠪᠤᠭᠤ ᠨᠢ
ᠰᠠᠯᠠᠭ᠎ᠠ ᠪᠠᠨ ᠳᠠᠮᠵᠢᠭᠠᠳ ᠤᠷᠤᠮᠳᠠᠨ᠎ᠠ
ᠰᠠᠮᠠᠭᠠᠨ ᠪᠤᠭᠤᠷᠤᠯ ᠡᠵᠢ ᠪᠡᠨ
ᠰᠠᠨᠠᠬᠤ ᠲᠤᠰᠤᠮ ᠢ᠋ᠶ᠋ᠠᠨ ᠳᠤᠷᠠᠰᠤᠨ᠎ᠠ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
