ᠤᠨᠠᠭ᠎ᠠ ᠪᠠ ᠤᠬᠠᠭᠠᠨᠲᠤ ᠲᠠᠤᠯᠠᠢ-ᠳᠣᠮᠣᠭ ᠦᠯᠢᠭᠡᠷUnaga ba ukhaant tuulai--Domog ülgerУнага ба ухаант туулай--Домог үлгэр
ᠤᠨᠠᠭ᠎ᠠ ᠪᠠ ᠤᠬᠠᠭᠠᠨᠲᠤ ᠲᠠᠤᠯᠠᠢ
ᠳᠣᠮᠣᠭ ᠦᠯᠢᠭᠡᠷ
ᠡᠷᠲᠡ ᠤᠷᠢᠳᠤ ᠶ᠋ᠢᠨ ᠴᠠᠭ ᠲᠤ᠌ ᠤᠨᠠᠭ᠎ᠠ ᠬᠡᠭᠡᠷ᠎ᠡ ᠤᠨᠲᠠᠵᠤ ᠪᠠᠢᠭᠠᠳ ᠡᠬᠡ ᠡᠴᠡ ᠪᠡᠨ ᠲᠥᠭᠡᠷᠢᠵᠦ ᠬᠣᠴᠣᠷᠴᠤ ᠭᠡᠨ᠎ᠡ᠂ ᠲᠡᠭᠡᠭᠡᠳ ᠭᠠᠭᠴᠠ ᠪᠠᠷ ᠢ᠋ᠶ᠋ᠠᠨ ᠢᠵᠢᠯᠢ ᠣᠯᠠᠨ ᠰᠦᠷᠦᠭ ᠲᠦ᠍ ᠡᠵᠢ ᠪᠡᠨ ᠬᠠᠢᠵᠤ ᠶᠠᠪᠤᠭᠠᠳ ᠨᠢᠭᠡᠨ ᠤᠭᠤᠲᠠ ᠲᠠᠢ ᠵᠦᠢᠯ ᠲᠡᠢ ᠲᠠᠭᠠᠷᠠᠵᠤ ᠭᠡᠨ᠎ᠡ᠂ ᠤᠨᠠᠭ᠎ᠠ ᠤᠭᠤᠲᠠ ᠲᠠᠢ ᠵᠦᠢᠯ ᠢ᠋ ᠶᠡᠬᠡᠳᠡ ᠰᠣᠨᠢᠷᠬᠠᠨ ᠣᠩᠭᠣᠢᠯᠭᠠᠵᠤ ᠦᠵᠡᠮᠡᠷ ᠰᠠᠨᠠᠭᠳᠠᠵᠠᠢ ᠃ ᠲᠡᠭᠡᠭᠡᠳ ᠤᠭᠤᠲᠠᠨ ᠤ᠋ ᠠᠮᠠ ᠶ᠋ᠢ ᠲᠠᠢᠯᠠᠲᠠᠯᠠ ᠂ ᠳᠣᠲᠣᠷ᠎ᠠ ᠠ᠋ᠴᠠ ᠨᠢ ᠥᠯᠥᠨ ᠬᠥᠬᠡ ᠴᠢᠨᠣ᠎ᠠ ᠠᠷᠠᠭ᠎ᠠ ᠰᠢᠲᠦ ᠪᠡᠨ ᠢᠷᠵᠠᠢᠯᠭᠠᠨ ᠦᠰᠦᠷᠦᠨ ᠭᠠᠷᠴᠤ ᠢᠷᠡᠭᠡᠳ ᠂《ᠬᠠ ᠬᠠ ᠬᠣᠳᠣᠭᠣᠳᠣ ᠭᠡᠳᠡᠰᠦ ᠬᠣᠩᠬᠣᠯᠵᠠᠵᠤ ᠪᠠᠢᠨ᠎ᠠ ᠭᠡᠵᠦ ᠵᠢᠭᠲᠡᠢᠬᠡᠨ᠂ ᠬᠤᠷᠮᠤᠰᠲᠠ ᠲᠩᠷᠢ ᠡᠭᠦᠨ ᠢ᠋ ᠮᠡᠳᠡᠭᠡᠳ ᠨᠠᠳᠠ ᠳ᠋ᠤ᠌ ᠠᠮᠲᠠᠲᠤ ᠵᠥᠭᠡᠯᠡᠨ ᠵᠣᠭᠣᠭ ᠶᠠᠪᠤᠭᠤᠯᠵᠠᠢ》 ᠭᠡᠳ ᠤᠨᠠᠭ᠎ᠠ ᠶ᠋ᠢ ᠢᠳᠡᠬᠦ ᠪᠡᠷ ᠵᠠᠪᠳᠤᠵᠠᠢ ᠭᠡᠨ᠎ᠡ ᠃
ᠤᠨᠠᠭ᠎ᠠ ᠮᠠᠰᠢ ᠠᠶᠤᠨ ᠰᠠᠨᠳᠤᠷᠴᠤ ᠶᠠᠭᠠᠬᠢᠬᠤ ᠪᠠᠨ ᠮᠡᠳᠡᠬᠦ ᠦᠭᠡᠢ ᠪᠦᠯᠲᠡᠯᠵᠡᠨ ᠪᠠᠢᠲᠠᠯ᠎ᠠ᠂ ᠪᠤᠲᠠᠨ ᠳᠤᠮᠳᠠ ᠠ᠋ᠴᠠ ᠪᠣᠷᠣ ᠲᠠᠤᠯᠠᠢ ᠳᠡᠭᠳᠡᠨ ᠳᠡᠭᠳᠡᠨ ᠭᠠᠷᠴᠤ ᠢᠷᠡᠵᠦ ᠭᠡᠨ᠎ᠡ᠃
ᠲᠠᠤᠯᠠᠢ ᠶᠠᠪᠤᠳᠠᠯ ᠤᠴᠢᠷ ᠢ᠋ ᠲᠤᠭᠤᠯᠤᠭᠰᠠᠨ ᠤ᠋ ᠡᠴᠦᠰ ᠲᠦ᠍᠂ 《ᠴᠢᠨᠣ᠎ᠠ ᠭᠤᠸᠠᠢ ᠴᠢᠨᠣ᠎ᠠ ᠭᠤᠸᠠᠢ ᠂ ᠲᠠ ᠡᠨᠡ ᠥᠴᠦᠬᠡᠨ ᠵᠢᠵᠢᠭ ᠤᠭᠤᠲᠠᠨ ᠳ᠋ᠤ᠌ ᠪᠠᠭᠲᠠᠵᠤ ᠪᠠᠢᠭᠰᠠᠨ ᠭᠡᠵᠦ ᠤᠤ ᠂ ᠪᠢ ᠯᠠᠪ ᠢᠲᠡᠭᠡᠬᠦ ᠦᠭᠡᠢ ᠪᠠᠢᠨ᠎ᠠ᠂ ᠬᠡᠷᠪᠡ ᠪᠠᠭᠲᠠᠪᠠᠯ ᠪᠢ ᠤᠨᠠᠭ᠎ᠠ ᠲᠠᠢ ᠬᠠᠮᠲᠤ ᠥᠪᠡᠷ ᠢ᠋ ᠪᠡᠨ ᠴᠦ᠍ ᠪᠠᠰᠠ ᠢᠳᠡᠭᠦᠯᠦᠶ᠎ᠡ 》 ᠭᠡᠵᠦ ᠭᠡᠨ᠎ᠡ᠂ ᠲᠡᠭᠡᠬᠦ ᠳ᠋ᠦ᠍ ᠨᠢ ᠴᠢᠨᠣ᠎ᠠ ᠮᠠᠭᠠᠳ ᠤᠭᠤᠲᠠᠨ ᠳ᠋ᠤ᠌ ᠪᠠᠭᠲᠠᠬᠤ ᠨᠢ ᠳᠠᠮᠵᠢᠭ ᠦᠭᠡᠢ ᠲᠤᠯᠠ ᠬᠠᠷᠢᠨ ᠤᠨᠠᠭᠠᠨ ᠳᠡᠭᠡᠷ᠎ᠡ ᠡᠴᠡ ᠲᠠᠤᠯᠠᠢ ᠶ᠋ᠢ ᠨᠡᠮᠡᠭᠡᠳ ᠵᠣᠭᠣᠭᠯᠠᠬᠤ ᠪᠣᠯᠤᠯ᠎ᠠ ᠭᠡᠮᠡᠨ ᠰᠡᠳᠬᠢᠵᠦ ᠵᠥᠪᠰᠢᠶᠡᠷᠡᠭᠡᠳ ᠤᠭᠤᠲᠠ ᠤᠷᠤᠭᠤ ᠣᠷᠣᠬᠤ ᠪᠠᠷ ᠪᠣᠯᠵᠤ ᠭᠡᠨ᠎ᠡ ᠂ ᠲᠡᠭᠡᠭᠡᠳ ᠤᠭᠤᠲᠠ ᠤᠷᠤᠭᠤ ᠤᠤᠬᠢᠯᠠᠨ ᠣᠷᠣᠲᠠᠯ᠎ᠠ ᠲᠠᠤᠯᠠᠢ᠂ 《ᠲᠡᠷᠡ ᠬᠡᠯᠡᠭᠡ ᠦᠭᠡᠢ ᠤᠤ ᠰᠡᠭᠦᠯ ᠨᠢ ᠪᠠᠭᠲᠠᠬᠤ ᠦᠭᠡᠢ ᠪᠠᠢᠨ᠎ᠠ》 ᠭᠡᠬᠦ ᠳ᠋ᠦ᠍ ᠴᠢᠨᠣ᠎ᠠ ᠰᠡᠭᠦᠯ ᠢ᠋ᠶ᠋ᠡᠨ ᠤᠭᠤᠲᠠᠨ ᠳ᠋ᠤ᠌ ᠬᠢᠲᠡᠯ᠎ᠡ᠂ ᠤᠨᠠᠭ᠎ᠠ᠂ ᠲᠠᠤᠯᠠᠢ ᠬᠣᠶᠠᠷ ᠡᠪᠯᠡᠨ ᠤᠭᠤᠲᠠᠨ ᠤ᠋ ᠠᠮᠠ ᠶ᠋ᠢ ᠨᠢ ᠰᠠᠢᠨ ᠪᠣᠭᠣᠭᠠᠳ ᠬᠡᠭᠡᠷ᠎ᠡ ᠣᠷᠬᠢᠵᠠᠢ ᠃
ᠢᠩᠭᠢᠵᠦ ᠤᠨᠠᠭ᠎ᠠ ᠤᠬᠠᠭᠠᠨᠲᠤ ᠲᠠᠤᠯᠠᠢ ᠶ᠋ᠢᠨ ᠠᠴᠢ ᠪᠠᠷ ᠴᠢᠨᠣ᠎ᠠ ᠳ᠋ᠤ᠌ ᠢᠳᠡᠭᠦᠯᠬᠦ ᠠᠶᠤᠯ ᠠ᠋ᠴᠠ ᠠᠪᠤᠷᠠᠭᠳᠠᠭᠰᠠᠨ ᠭᠡᠨ᠎ᠡ ᠪᠢᠯᠡ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
