ᠪᠠᠭᠰᠢ ᠳ᠋ᠠᠭᠠᠨ ᠡᠷᠭᠦᠬᠦ ᠳᠠᠭᠤᠤ -ᠳᠣᠯᠭᠢᠶᠠᠨBagshdaa örgökh duu-DolgionБагшдаа өргөх дуу-Долгион ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠰᠢ ᠳ᠋ᠠᠭᠠᠨ ᠡᠷᠭᠦᠬᠦ ᠳᠠᠭᠤᠤ -ᠳᠣᠯᠭᠢᠶᠠᠨBagshdaa örgökh duu-DolgionБагшдаа өргөх дуу-Долгион

ᠪᠠᠭᠰᠢ ᠳ᠋ᠠᠭᠠᠨ ᠡᠷᠭᠦᠬᠦ ᠳᠠᠭᠤᠤ -ᠳᠣᠯᠭᠢᠶᠠᠨBagshdaa örgökh duu-DolgionБагшдаа өргөх дуу-Долгион

2026-04-23

233

ᠪᠠᠭᠰᠢ ᠳ᠋ᠠᠭᠠᠨ ᠡᠷᠭᠦᠬᠦ ᠳᠠᠭᠤᠤ


   ᠦᠭᠡ᠂ ᠠᠶ᠎ᠠ᠄ ᠳᠣᠯᠭᠢᠶᠠᠨ 
   ᠳᠠᠭᠤᠴᠢᠨ᠄ ᠥᠪᠥᠷ ᠮᠣᠩᠭᠣᠯ ᠤ᠋ᠨ ᠤᠷᠠᠯᠢᠭ ᠤ᠋ᠨ ᠳᠡᠭᠡᠳᠦ ᠰᠤᠷᠭᠠᠭᠤᠯᠢ ᠶ᠋ᠢᠨ ᠬᠥᠯᠥᠨ ᠪᠤᠢᠷ ᠠᠷᠠᠳ ᠤ᠋ᠨ ᠳᠠᠭᠤᠨ ᠤ᠋ ᠥᠪᠯᠡᠨ ᠤᠯᠠᠮᠵᠢᠯᠠᠬᠤ ᠠᠩᠭᠢ ᠶ᠋ᠢᠨ ᠪᠦᠬᠦ ᠰᠤᠷᠤᠭᠴᠢ ᠵᠢᠴᠢ ᠬᠠᠪᠰᠤᠷᠤᠭᠴᠢ ᠪᠠᠭᠰᠢ ᠠ᠋ᠴᠠ 

ᠢᠷᠠᠭᠤᠬᠠᠨ ᠳᠠᠭᠤᠤ ᠪᠠᠷ ᠢ᠋ᠶ᠋ᠠᠨ ᠤᠶᠠᠷᠠᠭᠠᠨ ᠪᠦᠪᠡᠢᠯᠡᠭᠰᠡᠨ 
ᠠᠩᠭᠢ ᠶ᠋ᠢᠨ ᠪᠠᠭᠰᠢ ᠳ᠋ᠠᠭᠠᠨ ᠪᠢᠳᠡ ᠬᠠᠢᠷᠠᠲᠠᠢ 
ᠢᠷᠡᠬᠦ ᠢᠷᠡᠭᠡᠳᠦᠢ ᠶ᠋ᠢ ᠮᠢᠨᠢ ᠭᠡᠢᠭᠦᠯᠦᠨ ᠬᠡᠷᠡᠯᠳᠦᠭᠦᠯᠦᠭᠰᠡᠨ 
ᠠᠴᠢᠲᠤ ᠪᠠᠭᠰᠢ ᠲᠠᠨ ᠳ᠋ᠠᠭᠠᠨ ᠤᠶᠠᠩᠭ᠎ᠠ ᠳᠠᠭᠤᠤ ᠪᠠᠨ ᠡᠷᠭᠦᠶ᠎ᠡ 

ᠤᠷᠠᠨ ᠣᠶᠤᠨ ᠢ᠋ᠶ᠋ᠠᠷ ᠢ᠋ᠶ᠋ᠠᠨ ᠤᠬᠠᠭᠠᠷᠠᠭᠤᠯᠤᠨ ᠬᠥᠮᠦᠵᠢᠭᠦᠯᠦᠭᠰᠡᠨ 
ᠤᠶᠠᠬᠠᠨ ᠪᠠᠭᠰᠢ ᠳ᠋ᠠᠭᠠᠨ ᠪᠢᠳᠡ ᠬᠠᠢᠷᠠᠲᠠᠢ
ᠤᠷᠮ᠎ᠠ ᠵᠣᠷᠢᠭ ᠢ᠋ ᠮᠢᠨᠢ ᠪᠠᠳᠠᠷᠠᠭᠠᠨ ᠬᠥᠭᠵᠢᠭᠡᠭᠰᠡᠨ
ᠤᠬᠠᠭᠠᠨᠲᠤ ᠪᠠᠭᠰᠢ ᠲᠠᠨ ᠳ᠋ᠠᠭᠠᠨ ᠤᠶᠠᠩᠭ᠎ᠠ ᠳᠠᠭᠤᠤ ᠪᠠᠨ ᠡᠷᠭᠦᠶ᠎ᠡ
ᠤᠷᠮ᠎ᠠ ᠵᠣᠷᠢᠭ ᠢ᠋ ᠮᠢᠨᠢ ᠪᠠᠳᠠᠷᠠᠭᠠᠨ ᠬᠥᠭᠵᠢᠭᠡᠭᠰᠡᠨ
ᠤᠬᠠᠭᠠᠨᠲᠤ ᠪᠠᠭᠰᠢ ᠲᠠᠨ ᠳ᠋ᠠᠭᠠᠨ ᠤᠶᠠᠩᠭ᠎ᠠ ᠳᠠᠭᠤᠤ ᠪᠠᠨ ᠡᠷᠭᠦᠶ᠎ᠡ

ᠬᠥᠮᠦᠨ ᠦ᠌ ᠶᠣᠰᠣ ᠶ᠋ᠢ ᠬᠢᠴᠢᠶᠡᠨ ᠰᠤᠷᠭᠠᠭᠰᠠᠨ
ᠬᠥᠭᠡᠷᠦᠬᠦᠨ ᠪᠠᠭᠰᠢ ᠳ᠋ᠠᠭᠠᠨ ᠪᠢᠳᠡ ᠬᠠᠢᠷᠠᠲᠠᠢ
ᠬᠦᠰᠡᠯ ᠦ᠋ᠨ ᠵᠢᠭᠦᠷ ᠢ᠋ ᠮᠢᠨᠢ ᠤᠷᠭᠤᠭᠤᠯᠤᠨ ᠥᠭᠭᠦᠭᠰᠡᠨ
ᠬᠦᠨᠳᠦᠲᠦ ᠪᠠᠭᠰᠢ ᠲᠠᠨ ᠳ᠋ᠠᠭᠠᠨ ᠤᠶᠠᠩᠭ᠎ᠠ ᠳᠠᠭᠤᠤ ᠪᠠᠨ ᠡᠷᠭᠦᠶ᠎ᠡ
ᠬᠦᠰᠡᠯ ᠦ᠋ᠨ ᠵᠢᠭᠦᠷ ᠢ᠋ ᠮᠢᠨᠢ ᠤᠷᠭᠤᠭᠤᠯᠤᠨ ᠥᠭᠭᠦᠭᠰᠡᠨ
ᠬᠦᠨᠳᠦᠲᠦ ᠪᠠᠭᠰᠢ ᠲᠠᠨ ᠳ᠋ᠠᠭᠠᠨ ᠤᠶᠠᠩᠭ᠎ᠠ ᠳᠠᠭᠤᠤ ᠪᠠᠨ ᠡᠷᠭᠦᠶ᠎ᠡ
ᠬᠦᠨᠳᠦᠲᠦ ᠪᠠᠭᠰᠢ ᠲᠠᠨ ᠳ᠋ᠠᠭᠠᠨ ᠤᠶᠠᠩᠭ᠎ᠠ ᠳᠠᠭᠤᠤ ᠪᠠᠨ ᠡᠷᠭᠦᠶ᠎ᠡ


  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠳᠠᠭᠴᠢ᠄ ᠰᠣᠳᠣ
  ᠬᠢᠨᠠᠭᠴᠢ᠄ ᠪᠤᠤ᠂ ᠰᠠᠷᠠᠨ᠎ᠠ᠂ ᠣᠳᠬᠠᠨᠰᠣ᠎ᠠ