ᠠᠷᠰᠯᠠᠨ ᠪᠠ ᠪᠠᠭᠠᠪᠠᠭᠠᠢ Arslan ba baavgaiАрслан ба баавгай
ᠠᠷᠰᠯᠠᠨ ᠪᠠ ᠪᠠᠭᠠᠪᠠᠭᠠᠢ
ᠳᠣᠮᠣᠭ ᠦᠯᠢᠭᠡᠷ
ᠡᠷᠬᠢᠮᠵᠢᠷᠭᠠᠯ ᠶᠠᠷᠢᠨ᠎ᠠ
ᠦᠯᠢᠭᠡᠷ ᠢ᠋ᠶ᠋ᠡᠨ ᠰᠣᠨᠣᠰᠴᠢᠬᠠᠭᠠᠳ ᠲᠠᠪᠠᠲᠠᠢ ᠨᠣᠢᠷᠰᠤᠭᠠᠷᠠᠢ ᠬᠡᠦᠬᠡᠳ ᠦ᠋ᠳ ᠠ᠋᠂
ᠠᠷᠰᠯᠠᠨ ᠪᠠ ᠪᠠᠭᠠᠪᠠᠭᠠᠢ
ᠣᠢ ᠰᠢᠭᠤᠢ ᠳ᠋ᠤ᠌ ᠠᠷᠰᠯᠠᠨ ᠪᠠ ᠪᠠᠭᠠᠪᠠᠭᠠᠢ ᠰᠠᠢᠨ ᠨᠠᠢᠵᠠ ᠪᠣᠯᠤᠨ ᠠᠮᠢᠳᠤᠷᠠᠵᠤ ᠪᠠᠢᠵᠠᠢ᠂
ᠥᠨᠥᠳᠥᠷ ᠲᠡᠳᠡ ᠬᠣᠶᠠᠭᠤᠯᠠ ᠬᠠᠮᠲᠤ ᠠᠩ ᠬᠢᠬᠦ ᠪᠡᠷ ᠭᠠᠷᠴᠠᠢ᠃
ᠠᠭᠤᠯᠠᠨ ᠤ᠋ ᠬᠠᠵᠠᠭᠤ ᠳ᠋ᠤ᠌ ᠬᠦᠷᠦᠭᠡᠳ ᠠᠷᠰᠯᠠᠨ᠂ ᠨᠢᠭᠡ ᠪᠤᠭᠤ ᠡᠪᠡᠰᠦ ᠢᠳᠡᠵᠦ ᠪᠠᠢᠬᠤ ᠶ᠋ᠢ ᠬᠠᠷᠠᠴᠢᠬᠠᠵᠠᠢ᠂
ᠲᠡᠷᠡ ᠳᠠᠭᠠᠷᠢᠨ ᠣᠷᠣᠬᠤ ᠭᠡᠲᠡᠯ᠎ᠡ ᠪᠠᠭᠠᠪᠠᠭᠠᠢ ᠲᠠᠲᠠᠵᠤ ᠠᠪᠤᠭᠠᠳ᠂ ᠠᠷᠰᠯᠠᠨ ᠠᠬ᠎ᠠ ᠪᠢᠲᠡᠭᠡᠢ ᠶᠠᠭᠠᠷᠠ ᠪᠤᠭᠤ ᠶ᠋ᠢᠨ ᠬᠥᠯ ᠬᠤᠷᠳᠤᠨ ᠪᠢᠳᠡ ᠣᠳᠣ ᠳᠠᠭᠠᠷᠢᠵᠤ ᠣᠷᠣᠪᠠᠯ ᠲᠡᠷᠡ ᠯᠠᠪ ᠳᠤᠲᠠᠭᠠᠴᠢᠬᠠᠨᠠ ᠂ ᠪᠢᠳᠡ ᠬᠣᠶᠠᠭᠤᠯᠠ ᠡᠮᠦᠨ᠎ᠡ ᠬᠣᠢᠨ᠎ᠠ ᠠ᠋ᠴᠠ ᠨᠢ ᠬᠠᠰᠢᠵᠤ ᠣᠷᠣᠶ᠎ᠠ ᠢᠩᠭᠢᠵᠡᠢ᠃
ᠠᠷᠰᠯᠠᠨ ᠪᠠᠭᠠᠪᠠᠭᠠᠢ ᠶ᠋ᠢᠨ ᠰᠠᠨᠠᠯ ᠢ᠋ ᠵᠥᠪᠰᠢᠶᠡᠷᠡᠵᠦ ᠬᠣᠶᠠᠭᠤᠯᠠ ᠪᠠᠨ ᠱᠠᠯᠠᠪᠳᠠᠨ ᠪᠡᠯᠡᠳᠬᠡᠵᠡᠢ᠂
ᠪᠤᠭᠤ ᠡᠪᠡᠰᠦ ᠨᠣᠭᠣᠭ᠎ᠠ ᠠᠮᠲᠠᠷᠬᠠᠨ ᠢᠳᠡᠵᠦ ᠪᠠᠢᠯ᠎ᠠ᠂ ᠭᠡᠨᠡᠳᠲᠡ ᠠᠷᠤ ᠳ᠋ᠤᠨᠢ ᠴᠢᠮᠡᠭᠡ ᠭᠠᠷᠬᠤ ᠳ᠋ᠤ᠌ ᠪᠤᠭᠤ ᠡᠷᠭᠢᠨ ᠬᠠᠷᠠᠪᠠᠯ ᠠᠶᠤᠮᠰᠢᠭᠲᠠᠢ ᠪᠣᠯᠵᠠᠢ᠃
ᠠᠷᠰᠯᠠᠨ ᠰᠢᠲᠦ ᠪᠡᠨ ᠢᠷᠵᠠᠢᠯᠭᠠᠨ ᠰᠠᠪᠠᠷ ᠢ᠋ᠶ᠋ᠠᠨ ᠰᠠᠷᠪᠠᠢᠯᠭᠠᠨ ᠳᠠᠭᠠᠷᠢᠨ ᠢᠷᠡᠯ᠎ᠡ᠂ ᠪᠤᠭᠤ ᠪᠤᠯᠲᠤ ᠦᠰᠦᠷᠦᠨ ᠳᠤᠲᠠᠭᠠᠬᠤ ᠳ᠋ᠤ᠌ ᠠᠷᠰᠯᠠᠨ ᠨᠡᠬᠡᠨ ᠬᠥᠭᠡᠭᠡᠵᠡᠢ᠂
ᠪᠤᠭᠤ ᠶ᠋ᠢᠨ ᠭᠦᠶᠦᠬᠦ ᠨᠢ ᠬᠤᠷᠳᠤᠨ
ᠨᠡᠯᠢᠶᠡᠳ ᠬᠣᠯᠠ ᠭᠠᠷᠲᠠᠯ᠎ᠠ ᠭᠦᠶᠦᠵᠦ ᠪᠠᠢᠲᠠᠯ᠎ᠠ ᠭᠡᠨᠡᠳᠲᠡ ᠪᠠᠭᠠᠪᠠᠭᠠᠢ ᠲᠣᠰᠴᠤ ᠢᠷᠡᠭᠡᠳ ᠪᠤᠭᠤ ᠶ᠋ᠢ ᠠᠯᠠᠭᠠᠳᠠᠨ ᠤᠨᠠᠭᠠᠵᠠᠢ᠂
ᠠᠷᠰᠯᠠᠨ ᠨᠡᠬᠡᠵᠦ ᠢᠷᠡᠭᠡᠳ ᠂ᠣ ᠪᠠᠭᠠᠪᠠᠭᠠᠢ ᠳᠡᠭᠦᠦ ᠮᠢᠨᠢ ᠡᠨᠡ ᠪᠤᠭᠤ ᠶ᠋ᠢ ᠶᠠᠭᠠᠬᠢᠵᠤ ᠬᠤᠪᠢᠶᠠᠪᠠᠯ ᠵᠦᠢ ᠲᠡᠢ ᠪᠣᠢ ᠭᠡᠵᠦ ᠠᠰᠠᠭᠤᠵᠠᠢ᠂ ᠪᠠᠭᠠᠪᠠᠭᠠᠢ᠂ ᠠᠷᠰᠯᠠᠨ ᠠᠬ᠎ᠠ ᠪᠢᠳᠡ ᠬᠠᠰᠢ ᠶᠠᠰᠢ ᠬᠠᠨᠳᠤᠵᠤ ᠪᠣᠯᠬᠤ ᠦᠭᠡᠢ ᠂ ᠬᠡᠨ ᠨᠢ ᠶᠡᠬᠡ ᠬᠦᠴᠦ ᠭᠠᠷᠭᠠᠭᠰᠠᠨ ᠪᠣᠯ ᠲᠡᠷᠡ ᠨᠢ ᠢᠯᠡᠭᠦᠦ ᠠᠪᠬᠤ ᠶᠣᠰᠣᠲᠠᠢ ᠭᠡᠵᠡᠢ᠂ ᠠᠷᠰᠯᠠᠨ ᠲᠡᠷᠡ ᠳᠣᠣᠷ᠎ᠠ ᠨᠢ ᠲᠣᠰᠴᠤ ᠠᠪᠤᠭᠠᠳ ᠪᠢ ᠤᠷᠢᠳᠠ ᠪᠠᠷ ᠦᠵᠡᠭᠰᠡᠨ ᠶᠤᠮ ᠴᠢᠨᠢ ᠨᠠᠳᠠ ᠳ᠋ᠤ᠌ ᠢᠯᠡᠭᠦᠦ ᠥᠭᠭᠦᠪᠡᠯ ᠲᠠᠭᠠᠷᠠᠨ᠎ᠠ ᠭᠡᠵᠡᠢ᠂ ᠪᠠᠭᠠᠪᠠᠭᠠᠢ ᠨᠠᠢᠷ ᠲᠠᠯᠪᠢᠬᠤ ᠦᠭᠡᠢ ᠪᠡᠷ᠂ ᠣ ᠤᠷᠢᠳᠠ ᠪᠠᠷ ᠬᠠᠷᠠᠭᠠᠳ ᠶᠠᠮᠠᠷ ᠬᠡᠷᠡᠭ ᠲᠡᠢ ᠶᠤᠮ ᠪᠣᠢ᠂ ᠪᠢ ᠰᠠᠢᠨ ᠠᠷᠭ᠎ᠠ ᠭᠠᠷᠭᠠᠭᠰᠠᠨ ᠦᠭᠡᠢ ᠪᠣᠯ ᠲᠠ ᠡᠷᠲᠡ ᠪᠤᠭᠤ ᠶ᠋ᠢ ᠳᠤᠲᠠᠭᠠᠯᠭᠠᠭᠰᠠᠨ ᠪᠠᠢᠬ᠎ᠠ ᠭᠡᠵᠡᠢ᠂ ᠠᠷᠰᠯᠠᠨ ᠣᠢᠰᠢᠶᠠᠯ ᠦᠭᠡᠢ ᠪᠡᠷ᠂ ᠪᠢ ᠲᠡᠭᠦᠨ ᠢ᠋ ᠡᠨᠳᠡ ᠬᠥᠭᠡᠭᠡᠨ ᠠᠪᠴᠢᠷᠠᠭᠰᠠᠨ ᠦᠭᠡᠢ ᠪᠣᠯ ᠴᠢ ᠶᠠᠭᠠᠬᠢᠵᠤ ᠪᠠᠷᠢᠵᠤ ᠳᠡᠢᠯᠬᠦ ᠪᠣᠢ ᠭᠡᠵᠡᠢ᠂ ᠬᠣᠶᠠᠭᠤᠯᠠ ᠪᠠᠨ ᠮᠠᠷᠭᠤᠯᠳᠤᠭᠰᠠᠭᠠᠷ ᠪᠠᠢᠵᠤ ᠬᠡᠷᠡᠭᠦᠯ ᠪᠣᠯᠵᠤ ᠰᠡᠭᠦᠯ ᠳ᠋ᠦ᠍ᠨᠢ ᠪᠦᠷ ᠵᠣᠳᠣᠭᠠᠨ ᠬᠢᠵᠡᠢ᠂ ᠪᠠᠭᠠᠪᠠᠭᠠᠢ ᠶ᠋ᠢᠨ ᠪᠡᠶ᠎ᠡ ᠪᠢᠯᠳᠠᠷ ᠶᠡᠬᠡ ᠂ ᠬᠦᠴᠦ ᠴᠢᠳᠠᠯ ᠮᠤᠨᠳᠠᠭ ᠪᠠᠢᠬᠤ ᠳ᠋ᠤ᠌ ᠠᠷᠰᠯᠠᠨ ᠰᠢᠳᠦ ᠬᠤᠷᠴᠠ᠂ ᠰᠠᠪᠠᠷ ᠢᠳᠡᠯᠢᠭ᠂ ᠬᠥᠳᠡᠯᠵᠦ ᠪᠠᠷᠢᠬᠤ ᠨᠢ ᠬᠤᠷᠳᠤᠨ ᠪᠣᠯᠬᠣᠷ ᠬᠣᠶᠠᠭᠤᠯᠠ ᠪᠠᠨ ᠬᠡᠨ ᠬᠡᠨ ᠳ᠋ᠦ᠍ ᠪᠡᠨ ᠳᠡᠢᠯᠦᠭᠳᠡᠬᠦ ᠦᠭᠡᠢ ᠵᠣᠳᠣᠯᠳᠤᠵᠤ ᠪᠠᠢᠯ᠎ᠠ᠂ ᠡᠨᠡ ᠦᠶ᠎ᠡ ᠳ᠋ᠦ᠍ ᠮᠠᠨᠠᠷᠠᠭᠠᠳ ᠬᠡᠪᠲᠡᠵᠦ ᠪᠠᠢᠭᠰᠠᠨ ᠪᠤᠭᠤ ᠢᠳᠡᠭ ᠢᠳᠡᠭ ᠢ᠋ᠶ᠋ᠡᠷ ᠮᠡᠳᠡᠭᠡ ᠣᠷᠣᠭᠠᠳ ᠭᠦᠶᠦᠵᠦ ᠪᠣᠰᠤᠭᠠᠳ ᠳᠤᠲᠠᠭᠠᠭᠠᠳ ᠠᠮᠵᠢᠵᠠᠢ᠂ ᠬᠠᠷᠢᠨ ᠪᠠᠭᠠᠪᠠᠭᠠᠢ ᠪᠤᠭᠤ ᠶ᠋ᠢᠨ ᠬᠣᠢᠨ᠎ᠠ ᠠ᠋ᠴᠠ ᠬᠠᠷᠠᠵᠤ ᠵᠣᠭᠰᠣᠭᠰᠠᠭᠠᠷ ᠲᠣᠯᠣᠭᠠᠢ ᠰᠠᠵᠢᠬᠤ ᠳ᠋ᠤ᠌᠂ ᠠᠷᠰᠯᠠᠨ ᠰᠠᠨᠠᠭ᠎ᠠ ᠠᠯᠳᠠᠭᠰᠠᠨ ᠭᠡᠨ᠎ᠡ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
