ᠢᠲᠡᠭᠡᠯ ᠰᠡᠳᠬᠢᠯ ᠦ᠋ᠨ ᠬᠦᠴᠦᠨ ᠳ᠋ᠦ᠍ -ᠭᠦᠩᠭᠠᠷИтгэл сэтгэлийн хүчинд- Гүнгар
ᠢᠲᠡᠭᠡᠯ ᠰᠡᠳᠬᠢᠯ ᠦ᠋ᠨ ᠬᠦᠴᠦᠨ ᠳ᠋ᠦ᠍
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠰᠡᠳᠮᠠᠨᠢ
ᠠᠯᠠᠭᠠᠨ ᠴᠢᠨᠡᠭᠡ ᠨᠤᠲᠤᠭ ᠴᠤ᠌ ᠠᠭᠤᠤ ᠳᠤᠮᠳᠠᠳᠤ ᠶ᠋ᠢᠨ ᠡᠷᠳᠡᠨᠢ ᠪᠢᠯᠡ
ᠠᠳᠬᠤ ᠴᠢᠨᠡᠭᠡ ᠰᠢᠷᠣᠢ ᠴᠤ᠌ ᠠᠷᠠᠳ ᠢᠷᠭᠡᠳ ᠦ᠋ᠨ ᠠᠮᠢ ᠪᠢᠯᠡ
ᠠᠭᠤᠯᠠ ᠬᠠᠢᠷᠬᠠᠨ ᠡᠪᠡᠰᠦ ᠤᠷᠭᠤᠮᠠᠯ ᠨᠤᠲᠤᠭ ᠤᠰᠤᠨ ᠤ᠋ ᠭᠠᠢᠬᠠᠮᠰᠢᠭ ᠪᠢᠯᠡ
ᠤᠷᠤᠰᠬᠠᠯ ᠤᠰᠤ ᠳᠣᠯᠭᠢᠶᠠᠯᠠᠬᠤ ᠮᠥᠷᠡᠨ ᠠᠮᠢᠲᠠᠨ ᠭᠣᠣᠯᠳᠠᠨ ᠤ᠋ ᠷᠠᠰᠢᠶᠠᠨ ᠪᠢᠯᠡ ᠠ᠋!
ᠲᠠᠪᠤᠨ ᠡᠷᠳᠡᠨᠢ ᠢᠷᠠᠢᠬᠤ ᠰᠦᠷᠦᠭ ᠥᠩ ᠰᠢᠮᠡᠯᠢᠭ ᠪᠡᠯᠴᠢᠭᠡᠷ ᠲᠡᠢ ᠪᠢᠯᠡ
ᠲᠠᠷᠢᠶ᠎ᠠ ᠲᠥᠮᠥᠰᠥ ᠠᠮᠲᠠᠲᠤ ᠢᠳᠡᠭᠡᠨ ᠬᠥᠮᠥᠷᠭᠡ ᠳᠦᠭᠦᠷᠡᠩ ᠬᠤᠷᠢᠶᠠᠯᠲᠠ ᠲᠠᠢ ᠪᠢᠯᠡ
ᠲᠠᠢᠪᠤᠩ ᠵᠢᠷᠭᠠᠯ ᠢᠨᠢᠶᠡᠳᠦ ᠪᠠᠶᠠᠷ ᠲᠠᠩᠰᠤᠭ ᠪᠠᠶᠠᠨ ᠠᠮᠢᠳᠤᠷᠠᠯ ᠲᠠᠢ ᠪᠢᠯᠡ
ᠳᠠᠷᠬᠠᠨ ᠲᠥᠷᠥ ᠥᠨᠢᠷ ᠬᠥᠭᠵᠢᠯᠲᠡ ᠦᠨᠳᠦᠰᠦᠲᠡᠨ ᠲᠦᠮᠡᠨ ᠦ᠌ ᠰᠢᠭᠤᠷᠬᠠᠢᠯᠠᠯ ᠲᠠᠢ ᠪᠢᠯᠡ ᠠ᠋!
ᠠᠷᠪᠢᠯᠠᠵᠤ ᠭᠠᠮᠨᠠᠬᠤ ᠠᠷᠢᠭᠤᠨ ᠰᠤᠷᠲᠠᠯ ᠬᠥᠮᠦᠨ ᠵᠤᠨ ᠤ᠋ ᠮᠥᠰᠥ ᠪᠢᠯᠡ
ᠠᠬᠢᠵᠤ ᠳᠠᠪᠰᠢᠬᠤ ᠨᠠᠨᠳᠢᠨ ᠬᠦᠰᠡᠯ ᠰᠢᠨ᠎ᠡ ᠠᠶᠠᠨ ᠤ᠋ ᠲᠡᠮᠡᠦᠯᠦᠯ ᠪᠢᠯᠡ
ᠠᠰᠬᠠᠷᠠᠬᠤ ᠬᠥᠯᠥᠰᠥ ᠠᠭᠤᠤ ᠬᠥᠳᠡᠯᠮᠦᠷᠢ ᠠᠮᠢᠨ ᠬᠠᠢᠷ᠎ᠠ ᠶ᠋ᠢᠨ ᠣᠨᠳᠣᠷᠣᠯ ᠪᠢᠯᠡ
ᠠᠯᠬᠤᠬᠤ ᠮᠥᠷ ᠳᠠᠭᠤᠷᠢᠰᠬᠤ ᠠᠯᠳᠠᠷ ᠵᠠᠭᠤᠨ ᠵᠠᠭᠤᠨ ᠤ᠋ ᠦᠯᠢᠭᠡᠷ ᠪᠢᠯᠡ ᠠ᠋!
ᠦᠨᠡᠨᠴᠢ ᠦᠢᠯᠡᠴᠢᠯᠡᠭᠡ ᠪᠣᠯᠪᠠᠰᠤᠨ ᠦᠢᠯᠡ ᠬᠥᠮᠦᠨ ᠠᠷᠠᠳ ᠤ᠋ᠨ ᠠᠪᠤᠷᠢ ᠪᠢᠯᠡ
ᠥᠭᠭᠢᠶᠡᠮᠦᠷᠴᠢ ᠵᠠᠩ ᠬᠠᠷᠢᠭᠤᠴᠠᠯᠭᠠᠲᠤ ᠰᠡᠳᠬᠢᠯᠭᠡ ᠭᠤᠸ᠎ᠠ ᠰᠠᠢᠬᠠᠨ ᠤ᠋ ᠦᠨᠳᠦᠰᠦ ᠪᠢᠯᠡ
ᠥᠭᠡᠳᠡᠷᠬᠡᠭ ᠰᠠᠨᠠᠭ᠎ᠠ ᠠᠯᠤᠰ ᠤ᠋ᠨ ᠬᠠᠷᠠᠯᠲᠠ ᠦᠢᠯᠡᠰ ᠪᠦᠲᠦᠭᠡᠬᠦ ᠶ᠋ᠢᠨ ᠰᠠᠭᠤᠷᠢ ᠪᠢᠯᠡ
ᠥᠷᠯᠥᠭ ᠨᠠᠮ ᠬᠦᠴᠦᠷᠬᠡᠭ ᠲᠥᠷᠥ ᠦᠨᠳᠦᠰᠦᠲᠡᠨ ᠶᠠᠰᠤᠲᠠᠨ ᠤ᠋ ᠲᠦᠰᠢᠭ ᠪᠢᠯᠡ ᠠ᠋!
ᠡᠩᠬᠡ ᠲᠠᠢᠪᠤᠩ ᠠᠮᠤᠷ ᠲᠦᠪᠰᠢᠨ ᠲᠥᠷᠥ ᠭᠦᠷᠦᠨ ᠦ᠌ ᠬᠥᠭᠵᠢᠯᠲᠡ ᠪᠢᠯᠡ
ᠡᠷᠡᠭᠦᠯ ᠪᠡᠶ᠎ᠡ ᠰᠠᠷᠠᠭᠤᠯ ᠤᠬᠠᠭᠠᠨ ᠲᠠ ᠪᠢᠳᠡᠨ ᠦ᠌ ᠵᠢᠷᠭᠠᠯ ᠪᠢᠯᠡ
ᠡᠰᠡᠨᠢᠯ ᠬᠥᠭᠵᠢᠯ ᠪᠠᠶᠠᠨ ᠴᠢᠨᠡᠭᠡᠯᠢᠭ ᠡᠷᠢᠨ ᠴᠠᠭ ᠤ᠋ᠨ ᠬᠥᠭᠡᠭᠡᠴᠡᠯᠳᠦᠯ ᠪᠢᠯᠡ
ᠡᠷᠭᠢᠬᠦ ᠬᠣᠷᠸ᠎ᠠ ᠳ᠋ᠤ᠌ ᠡᠯᠡᠭᠳᠡᠬᠦ ᠨᠠᠰᠤ ᠠᠵᠠ ᠶ᠋ᠢᠨ ᠪᠤᠶᠠᠨᠲᠤ ᠠᠮᠢᠳᠤᠷᠠᠯ ᠪᠢᠯᠡ ᠠ᠋!
ᠮᠢᠩᠭᠠᠨ ᠬᠦᠷᠬᠢᠷ᠎ᠡ ᠲᠦᠮᠡᠨ ᠭᠣᠷᠣᠬ᠎ᠠ ᠨᠡᠯᠦᠢᠨ ᠬᠠᠷᠠᠭᠳᠠᠬᠤ ᠳᠠᠯᠠᠢ ᠪᠢᠯᠡ
ᠮᠢᠩᠭᠠᠨ ᠠᠢᠯ ᠲᠦᠮᠡᠨ ᠡᠷᠦᠬᠡ ᠨᠠᠢᠷᠠᠯ ᠳᠠᠭᠤᠨ ᠤ᠋ ᠤᠶᠠᠩᠭ᠎ᠠ ᠪᠢᠯᠡ
ᠮᠢᠨᠳᠠᠰᠤᠨ ᠰᠢᠷᠬᠡᠭ ᠨᠣᠣᠰᠣᠨ ᠨᠡᠬᠡᠮᠡᠯ ᠲᠤᠤᠯᠢᠮ᠎ᠠ ᠬᠣᠷᠸ᠎ᠠ ᠳ᠋ᠤ᠌ ᠬᠢ ᠥᠯᠥᠭᠡᠢ ᠪᠢᠯᠡ
ᠮᠢᠨᠦ ᠢᠲᠡᠭᠡᠯ ᠴᠢᠨᠦ ᠵᠢᠳᠬᠦᠯ ᠡᠨᠡᠬᠡᠨ ᠲᠥᠷᠥ ᠳ᠋ᠦ᠍ ᠪᠡᠨ ᠬᠠᠨᠳᠢᠪ ᠪᠢᠯᠡ ᠠ᠋!
ᠪᠠᠲᠤ ᠲᠠᠩᠭᠠᠷᠢᠭ ᠠᠳᠠᠯ ᠦᠢᠯᠡᠰ ᠬᠦᠰᠡᠯ ᠪᠡᠶᠡᠯᠡᠬᠦ ᠶ᠋ᠢᠨ ᠪᠠᠲᠤᠯᠠᠭ᠎ᠠ ᠪᠢᠯᠡ
ᠪᠠᠭᠠᠲᠤᠷ ᠵᠣᠷᠢᠭ ᠡᠷᠡᠯᠬᠡᠭ ᠲᠡᠮᠡᠴᠡᠯ ᠢᠯᠠᠯᠲᠠ ᠳ᠋ᠤ᠌ ᠬᠦᠷᠬᠦ ᠶ᠋ᠢᠨ ᠬᠦᠴᠦᠨ ᠪᠢᠯᠡ
ᠪᠠᠳᠠᠷᠠᠯ ᠬᠥᠭᠵᠢᠯ ᠥᠭᠡᠷᠡᠴᠢᠯᠡᠯᠲᠡ ᠨᠡᠭᠡᠭᠡᠯᠲᠡ ᠤᠯᠤᠰ ᠭᠦᠷᠦᠨ ᠦ᠌ ᠵᠣᠷᠢᠯᠲᠠ ᠪᠢᠯᠡ
ᠪᠠᠶᠠᠨ ᠬᠦᠴᠦᠷᠬᠡᠭ ᠬᠠᠤᠯᠢ ᠶ᠋ᠢᠨ ᠵᠠᠰᠠᠯᠲᠠ ᠳᠡᠯᠡᠬᠡᠢ ᠳᠠᠶᠠᠭᠠᠷ ᠲᠤ᠌ ᠪᠠᠨ ᠲᠤᠭ ᠪᠢᠯᠡ ᠠ᠋!
ᠪᠢᠳᠡᠨ — ᠲᠠᠪᠤᠨ ᠲᠢᠪ ᠲᠦ᠍ ᠳᠠᠭᠤᠷᠢᠰᠤᠭᠰᠠᠨ ᠠᠰᠤᠷᠤ ᠲᠣᠮᠣ ᠲᠥᠷᠥ ᠲᠡᠢ ᠪᠢᠯᠡ
ᠪᠢᠳᠡᠨ — ᠲᠠᠪᠤᠨ ᠡᠷᠳᠡᠨᠢ ᠪᠡᠯᠴᠢᠭᠰᠡᠨ ᠥᠩᠰᠢᠭ ᠨᠣᠮᠢᠨ ᠨᠤᠲᠤᠭ ᠲᠠᠢ ᠪᠢᠯᠡ
ᠪᠢᠳᠡᠨ — ᠲᠠᠪᠤᠨ ᠲᠠᠷᠢᠶ᠎ᠠ ᠬᠠᠯᠢᠭᠤᠷᠠᠭᠰᠠᠨ ᠨᠠᠯᠠᠭᠠᠷ ᠠᠭᠤᠳᠠᠮ ᠭᠠᠵᠠᠷ ᠲᠠᠢ ᠪᠢᠯᠡ
ᠪᠢᠳᠡᠨ — ᠲᠠᠪᠤᠨ ᠲᠢᠪ ᠢ᠋ ᠲᠤᠷᠭᠢᠭᠤᠯᠤᠭᠰᠠᠨ ᠠᠰᠢᠳᠠ ᠶ᠋ᠢᠨ ᠰᠦᠷᠯᠢᠭ ᠨᠠᠮ ᠲᠠᠢ ᠪᠢᠯᠡ ᠠ᠋!
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
