ᠪᠤᠭᠤ ᠶ᠋ᠢᠨ ᠬᠠᠯᠢᠭᠤᠨ -ᠳᠣᠮᠣᠭ ᠦᠯᠢᠭᠡᠷБугын халиун-Домог үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠭᠤ ᠶ᠋ᠢᠨ ᠬᠠᠯᠢᠭᠤᠨ -ᠳᠣᠮᠣᠭ ᠦᠯᠢᠭᠡᠷБугын халиун-Домог үлгэр

ᠪᠤᠭᠤ ᠶ᠋ᠢᠨ ᠬᠠᠯᠢᠭᠤᠨ -ᠳᠣᠮᠣᠭ ᠦᠯᠢᠭᠡᠷБугын халиун-Домог үлгэр

ᠠᠩᠭᠢᠯᠠᠯ:ᠳᠣᠮᠣᠭ ᠦᠯᠢᠭᠡᠷ
2026-04-21

2448

ᠪᠤᠭᠤ ᠶ᠋ᠢᠨ ᠬᠠᠯᠢᠭᠤᠨ


    ᠳᠣᠮᠣᠭ ᠦᠯᠢᠭᠡᠷ

  ᠬᠠᠭᠤᠴᠢᠨ ᠲᠦᠰᠢᠶᠡᠲᠦ ᠬᠠᠨ ᠠᠢᠮᠠᠭ ᠤ᠋ᠨ ᠡᠷᠳᠡᠨᠢ ᠸᠠᠩ ᠤ᠋ᠨ ᠬᠣᠰᠢᠭᠤ ᠣᠳᠣ ᠶ᠋ᠢᠨ ᠰᠡᠯᠡᠩᠭᠡ ᠠᠢᠮᠠᠭ᠎ᠤᠨ ᠴᠠᠭᠠᠨ ᠨᠠᠭᠤᠷ ᠰᠤᠮᠤ ᠶ᠋ᠢᠨ ᠨᠤᠲᠤᠭ ᠲᠤ᠌᠂ ᠳᠣᠮᠣᠭ ᠬᠠᠨ ᠭᠡᠳᠡᠭ ᠦᠵᠡᠰᠬᠦᠯᠡᠩ ᠲᠡᠭᠦᠯᠳᠡᠷ ᠨᠢᠭᠡᠨ ᠰᠠᠢᠬᠠᠨ ᠠᠭᠤᠯᠠ ᠪᠣᠢ᠃
  ᠲᠡᠷᠡ ᠠᠭᠤᠯᠠ ᠶ᠋ᠢᠨ ᠥᠪᠥᠷ ᠲᠦ᠍ ᠮᠢᠩᠭ᠎ᠠ ᠨᠠᠢ᠍ᠮᠠᠨ ᠵᠠᠭᠤ ᠵᠢᠷᠠᠭᠠᠳ ᠣᠨ ᠤ᠋ ᠦᠶ᠎ᠡ ᠳ᠋ᠦ᠍ ᠨᠢᠭᠡᠨ ᠪᠠᠶᠠᠨ ᠲᠠᠢᠵᠢ ᠶ᠋ᠢᠨ ᠬᠢ ᠨᠤᠲᠤᠭᠯᠠᠳᠠᠭ ᠪᠠᠢᠵᠠᠢ᠃ ᠲᠡᠳᠡᠨ ᠦ᠌ ᠬᠤᠷᠳᠤᠨ ᠮᠣᠷᠢᠨ ᠤ᠋ ᠤᠶᠠᠭᠠᠨ ᠳ᠋ᠤ᠌ ᠨᠠᠰᠤ ᠨᠠᠰᠤᠨ ᠤ᠋ ᠮᠣᠷᠢᠳ ᠨᠠᠭᠠᠳᠤᠮ ᠳ᠋ᠤ᠌ ᠤᠷᠤᠯᠳᠤᠭᠠᠨ ᠳ᠋ᠤ᠌ ᠤᠶᠠᠭ᠎ᠠ ᠰᠣᠢᠯᠭ᠎ᠠ ᠨᠢ ᠭᠦᠢᠴᠡᠨ᠂ ᠠᠭᠤᠯᠠ ᠶ᠋ᠢᠨ ᠪᠤᠭᠤ ᠰᠢᠭ᠋ ᠲᠥᠭᠥᠯᠴᠢᠨ᠂ ᠤᠯᠤᠰ ᠠᠮᠢᠲᠠᠨ ᠲᠣᠭᠣᠷᠢᠨ ᠬᠠᠷᠠᠵᠠᠭᠠᠨ᠎ᠠ᠃ ᠡᠵᠡᠨ ᠬᠠᠰᠢᠷ ᠤᠶᠠᠭᠠᠴᠢ ᠬᠣᠶᠠᠷ ᠡᠨᠡ ᠳᠠᠭ᠎ᠠ ᠡᠢᠮᠦ ᠪᠠᠢᠨ᠎ᠠ᠂ ᠲᠡᠷᠡ ᠰᠢᠳᠦᠯᠡᠩ ᠭᠡᠵᠦ ᠡᠷᠳᠡᠨᠢᠲᠦ ᠨᠤᠲᠤᠭ ᠤ᠋ᠨ ᠡᠷ᠎ᠡ ᠰᠢᠨᠳᠠᠰᠤ ᠶ᠋ᠢ ᠮᠠᠭᠲᠠᠨ ᠶᠠᠷᠢᠬᠤ ᠳ᠋ᠤ᠌᠂ ᠠᠭᠠᠭ ᠲᠠᠢ ᠪᠠᠶᠠᠴᠤᠳ ᠠᠲᠠᠭᠠᠷᠬᠠᠬᠤ ᠰᠡᠳᠬᠢᠯ ᠳ᠋ᠦ᠍ ᠠᠪᠲᠠᠭᠳᠠᠨ ᠤᠶᠠᠭᠠᠨ ᠤ᠋ ᠭᠠᠭᠴᠠ ᠱᠣᠩ ᠴᠤ᠌ ᠦᠭᠡᠢ᠂ ᠤᠶᠠᠭᠰᠠᠨ ᠭᠠᠭᠴᠠ ᠦᠷᠢᠶ᠎ᠡ ᠴᠦ᠍ ᠦᠭᠡᠢ᠂ ᠬᠠᠷᠠᠴᠤ ᠶᠠᠳᠠᠭᠤ ᠬᠠᠰᠢᠷ ᠲᠤᠭ ᠤᠶᠠᠭᠠᠴᠢᠳ ᠢ᠋ ᠨᠠᠭᠠᠭᠤᠷ ᠴᠠᠭᠠᠭᠤᠷ ᠰᠠᠮ ᠰᠡᠮᠡᠬᠡᠨ ᠶᠠᠷᠢᠵᠠᠭᠠᠨ᠎ᠠ᠃ ᠤᠭᠯᠠᠭ᠎ᠠ ᠨᠣᠭᠣᠭᠠᠨ ᠮᠣᠳᠣ ᠠᠷᠪᠠᠭᠠᠳ ᠢ᠋ ᠤᠭᠰᠠᠷᠠᠭᠤᠯᠤᠨ ᠵᠣᠭᠣᠵᠤ ᠲᠠᠲᠠᠭᠰᠠᠨ ᠴᠢᠩᠭ᠎ᠠ ᠰᠤᠭᠤᠨ ᠬᠢᠴᠡ ᠲᠡᠢ ᠤᠷᠲᠤ ᠤᠶᠠᠭᠠᠨ ᠤ᠋ ᠳᠡᠪᠦᠯ ᠦ᠋ᠨ ᠬᠡᠯᠡ ᠳ᠋ᠦ᠍ ᠭᠠᠩ ᠲᠡᠮᠦᠷ ᠭᠠᠷᠠᠬᠠᠨ ᠡᠷᠭᠢᠭᠦᠯᠭᠡ ᠡᠴᠡ ᠤᠶᠠᠭᠠᠲᠠᠢ ᠪᠠᠢᠭ᠎ᠠ ᠬᠠᠯᠲᠠᠷ ᠠᠮᠠ ᠲᠠᠢ ᠬᠠᠯᠢᠭᠤᠨ ᠦᠷᠢᠶ᠎ᠡ ᠶ᠋ᠢ ᠡᠵᠡᠨ ᠬᠥᠮᠦᠨ ᠡᠯᠳᠡᠪ ᠢ᠋ᠶ᠋ᠡᠷ ᠮᠠᠭᠲᠠᠬᠤ ᠨᠢ ᠶᠡᠬᠡ᠂ ᠡᠷᠭᠢᠵᠦ ᠦᠵᠡᠬᠦ ᠬᠥᠮᠦᠨ ᠦ᠌ ᠲᠣᠭ᠎ᠠ ᠴᠤ᠌ ᠣᠯᠠᠨ᠂ ᠵᠥᠪ ᠲᠠᠰᠢ ᠪᠠᠨ ᠨᠠᠯᠠᠭᠰᠠᠨ ᠰᠢᠩᠭᠡᠨ ᠳᠡᠯ ᠲᠡᠢ ᠲᠡᠷᠡ ᠬᠠᠯᠢᠭᠤᠨ᠂ ᠬᠢᠵᠠᠭᠠᠯᠠᠩ ᠤ᠋ᠨ ᠨᠠᠷᠢᠪᠲᠤᠷ ᠰᠢᠩᠭᠡᠨ ᠰᠡᠭᠦᠯ᠂ ᠰᠤᠭᠤᠨ ᠴᠢᠬᠢ᠂ ᠥᠷᠭᠡᠨ ᠰᠦᠪᠡᠭᠡᠲᠡᠢ ᠬᠠᠩᠬᠠᠭᠠᠷ ᠲᠠᠰᠢᠶ᠎ᠠ ᠮᠣᠩᠬᠣᠷ  ᠬᠠᠮᠠᠷ᠂ ᠭᠠᠯᠪᠢᠷ ᠴᠣᠣᠳᠠᠢᠬᠠᠨ ᠪᠠᠢᠭ᠎ᠠ ᠨᠢ ᠬᠤᠷᠳᠤᠨ ᠮᠣᠷᠢᠨ ᠳ᠋ᠤ᠌ ᠭᠢᠷᠠᠬᠠᠢ ᠬᠥᠮᠦᠰ ᠲᠦ᠍ ᠲᠠᠭᠠᠯᠠᠭᠳᠠᠵᠤ ᠪᠠᠢᠭᠰᠠᠨ ᠪᠢᠵᠡ᠃ ᠡᠵᠡᠨ ᠤᠶᠠᠭᠠᠴᠢ ᠬᠣᠶᠠᠷ ᠳᠣᠯᠣᠭᠠᠨ ᠬᠣᠰᠢᠭᠤ ᠳᠠᠮᠵᠢᠭᠳᠠᠨ᠂ ᠡᠨᠡ ᠬᠢᠵᠠᠭᠠᠯᠠᠩ ᠤ᠋ᠨ ᠲᠣᠭᠣᠰᠣ ᠶ᠋ᠢ ᠦᠵᠡᠬᠦ ᠪᠡᠷ ᠵᠠᠪᠳᠤᠵᠤ ᠪᠠᠢᠭ᠎ᠠ ᠪᠣᠯᠬᠣᠷ ᠣᠯᠠᠨ ᠤ᠋ ᠰᠠᠢᠰᠢᠶᠠᠯ ᠢ᠋ ᠰᠣᠨᠣᠰᠤᠭᠠᠳ᠂ ᠴᠠᠭᠠᠨ ᠬᠡᠯᠡ ᠠᠮᠠ ᠬᠦᠷᠦᠨ᠎ᠡ ᠭᠡᠵᠦ ᠨᠠᠭᠠᠨ᠎ᠠ ᠪᠠᠨ ᠭᠤᠷᠪᠠᠨ ᠰᠤᠳᠤᠷ ᠦᠵᠡᠭᠦᠯᠳᠡᠭ ᠨᠢ ᠴᠠᠭᠠᠨ᠎ᠠ ᠪᠠᠨ ᠮᠠᠰᠢ ᠬᠤᠷᠳᠤᠨ ᠠ᠋ᠴᠠ ᠠᠶᠤᠭᠰᠠᠨ ᠬᠡᠷᠡᠭ ᠪᠠᠢᠵᠠᠢ᠃
  ᠬᠠᠰᠢᠷ ᠨᠤᠲᠤᠭ ᠤ᠋ᠨ ᠭᠠᠢᠬᠠᠮᠰᠢᠭᠲᠤ ᠬᠤᠷᠳᠤᠨ ᠬᠦᠯᠦᠭ ᠦ᠋ᠳ ᠬᠠᠯᠬ᠎ᠠ ᠶ᠋ᠢᠨ ᠰᠠᠢᠨ ᠬᠦᠯᠦᠭ ᠦ᠋ᠳ ᠲᠡᠢ ᠣᠷᠣᠯᠳᠣᠬᠤ ᠪᠣᠯᠤᠭᠰᠠᠨ ᠬᠠᠩᠭᠠᠢ ᠨᠤᠲᠤᠭ ᠤ᠋ᠨ ᠤᠨᠠᠭ᠎ᠠ᠂ ᠬᠠᠨ ᠠᠭᠤᠯᠠ ᠶ᠋ᠢᠨ ᠬᠠᠯᠢᠭᠤᠨ ᠡᠷ᠎ᠡ ᠲᠠᠩᠰᠤᠭ ᠶᠡᠬᠡ ᠨᠠᠭᠠᠳᠤᠮ ᠳ᠋ᠤ᠌ ᠤᠷᠤᠯᠳᠤᠭᠤᠯᠬᠤ ᠪᠠᠷ ᠢᠵᠢᠯᠢ ᠰᠦᠷᠦᠭ ᠮᠣᠷᠢᠳ ᠤ᠋ᠨ ᠬᠠᠮᠲᠤ ᠬᠥᠲᠥᠯᠦᠨ ᠤᠨᠠᠭᠠᠨ ᠨᠤᠲᠤᠭ ᠤ᠋ᠨ ᠤᠶᠠᠭᠠᠨ ᠠ᠋ᠴᠠ ᠠᠯᠤᠰ ᠤ᠋ᠨ ᠵᠠᠮ ᠳ᠋ᠤ᠌ ᠭᠠᠷᠴᠤ ᠭᠡᠨ᠎ᠡ᠃

  ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
  ᠬᠢᠨᠠᠭᠴᠢ᠄ ᠭᠦᠩᠭᠠᠷ