ᠠᠷᠪᠠᠨ ᠬᠣᠶᠠᠷ ᠵᠢᠯ -ᠬᠠᠪᠤᠷ ᠤ᠋ᠨ ᠪᠠᠶᠠᠷ 2026ᠣᠨ ᠤ᠋ ᠲᠤᠤᠺᠢᠤ᠋ ᠬᠣᠲᠠАрван хоёр жил-хаврын баяр 2026 оны Тоокио хот
ᠠᠷᠪᠠᠨ ᠬᠣᠶᠠᠷ ᠵᠢᠯ
ᠬᠠᠪᠤᠷ ᠤ᠋ᠨ ᠪᠠᠶᠠᠷ—2026 ᠣᠨ ᠤ᠋ ᠲᠣᠣᠺᠢᠦ᠌ ᠬᠣᠲᠠ
ᠡᠷᠳᠡᠨᠢ ᠶ᠋ᠢᠨ ᠵᠦᠢᠯ ᠢ᠋ᠶ᠋ᠡᠷ ᠪᠥᠭᠡᠯᠵᠢᠭᠡᠳ ᠪᠠᠢᠳᠠᠭ
ᠡᠷᠡᠦ ᠴᠠᠭᠠᠨ ᠬᠤᠯᠤᠭᠠᠨ᠎ᠠ ᠨᠢᠭᠡᠨ ᠵᠢᠯ
ᠡᠪᠡᠷ ᠰᠡᠭᠦᠯ ᠨᠢ ᠲᠡᠩᠴᠡᠭᠦᠬᠡᠨ ᠪᠠᠢᠳᠠᠭ
ᠡᠵᠡᠨ ᠳ᠋ᠦ᠍ ᠪᠡᠨ ᠡᠭᠡᠯᠢ ᠲᠡᠢ ᠦᠬᠡᠷ ᠬᠣᠶᠠᠷ ᠵᠢᠯ
ᠠᠷᠤ ᠮᠣᠳᠣᠨ ᠳ᠋ᠤ᠌ ᠠᠯᠬᠠᠯᠠᠭᠠᠳ ᠪᠠᠢᠳᠠᠭ
ᠠᠯᠠᠭ ᠡᠷᠢᠶᠡᠨ ᠪᠠᠷᠰ ᠭᠤᠷᠪᠠᠨ ᠵᠢᠯ
ᠳᠡᠯᠡᠬᠡᠢ ᠳᠡᠭᠡᠭᠦᠷ ᠳᠡᠭᠳᠡᠭᠡᠳ ᠪᠠᠢᠳᠠᠭ
ᠳᠡᠯᠳᠡᠩ ᠴᠢᠬᠢ ᠲᠡᠢ ᠲᠠᠤᠯᠠᠢ ᠳᠥᠷᠪᠡᠨ ᠵᠢᠯ
ᠬᠥᠬᠡ ᠲᠩᠷᠢ ᠳ᠋ᠦ᠍ ᠬᠦᠷᠴᠢᠭᠢᠨᠡᠭᠡᠳ ᠪᠠᠢᠳᠠᠭ
ᠬᠦᠴᠦ ᠶᠡᠬᠡ ᠲᠡᠢ ᠯᠤᠤ ᠲᠠᠪᠤᠨ ᠵᠢᠯ
ᠴᠠᠭ ᠦᠷᠭᠦᠯᠵᠢ ᠴᠠᠭᠠᠷᠢᠭᠯᠠᠭᠠᠳ ᠪᠠᠢᠳᠠᠭ
ᠴᠠᠭᠠᠨ ᠡᠷᠢᠶᠡᠨ ᠮᠣᠭᠠᠢ ᠵᠢᠷᠭᠤᠭᠠᠨ ᠵᠢᠯ
ᠬᠣᠯᠠ ᠶ᠋ᠢᠨ ᠭᠠᠵᠠᠷ ᠢ᠋ ᠲᠣᠪᠴᠢᠯᠠᠭᠠᠳ ᠪᠠᠢᠳᠠᠭ
ᠬᠣᠮᠪᠣᠩ ᠲᠤᠭᠤᠷᠠᠢ ᠲᠠᠢ ᠮᠣᠷᠢ ᠳᠣᠯᠣᠭᠠᠨ ᠵᠢᠯ
ᠬᠣᠲᠣᠭᠣᠷ ᠭᠠᠵᠠᠷ ᠢ᠋ ᠬᠣᠷᠭᠣᠯ ᠢ᠋ᠶ᠋ᠠᠷ ᠳᠦᠭᠦᠷᠭᠡᠳᠡᠭ
ᠬᠣᠲᠠᠯᠠ ᠴᠠᠭᠠᠨ ᠬᠣᠨᠢ ᠨᠠᠢ᠍ᠮᠠᠨ ᠵᠢᠯ
ᠦᠵᠡᠭᠰᠡᠨ ᠪᠦᠬᠦᠨ ᠢ᠋ ᠡᠯᠡᠭᠯᠡᠭᠡᠳ ᠪᠠᠢᠳᠠᠭ
ᠶᠢᠯᠸᠢᠴᠢᠨ ᠡᠷᠳᠡᠮ ᠲᠡᠢ ᠪᠠᠴᠢ ᠶᠢᠰᠦᠨ ᠵᠢᠯ
ᠲᠠᠪᠤᠨ ᠵᠢᠩ ᠢ᠋ᠶ᠋ᠡᠷ ᠳᠣᠩᠭᠣᠳᠤᠭᠠᠳ ᠪᠠᠢᠳᠠᠭ
ᠲᠠᠷᠢᠬᠢᠨ ᠳ᠋ᠤ᠌ ᠪᠠᠨ ᠤᠯᠠᠭᠠᠨ ᠲᠠᠢ ᠲᠠᠬᠢᠶ᠎ᠠ ᠠᠷᠪᠠᠨ ᠵᠢᠯ
ᠬᠣᠲᠠ ᠭᠠᠵᠠᠷ ᠢ᠋ ᠮᠠᠨᠠᠭᠠᠳ ᠪᠠᠢᠳᠠᠭ
ᠬᠣᠩ ᠬᠣᠩ ᠳᠠᠭᠤᠤ ᠲᠠᠢ ᠨᠣᠬᠠᠢ ᠠᠷᠪᠠᠨ ᠨᠢᠭᠡᠨ ᠵᠢᠯ
ᠠᠷᠤ ᠭᠠᠵᠠᠷ ᠢ᠋ ᠬᠠᠳᠤᠷᠤᠭᠠᠳ ᠪᠠᠢᠳᠠᠭ
ᠠᠯᠲᠠᠨ ᠰᠣᠶᠣᠭ᠎ᠠ ᠲᠠᠢ ᠭᠠᠬᠠᠢ ᠠᠷᠪᠠᠨ ᠬᠣᠶᠠᠷ ᠵᠢᠯ
ᠦᠰᠦᠭ ᠬᠠᠳᠠᠭᠴᠢ᠄ ᠳᠡᠯᠭᠡᠷᠴᠡᠴᠡᠭ
ᠬᠢᠨᠠᠭᠴᠢ᠄ ᠢᠷᠡᠭᠡᠳᠦᠢ
ᠦᠰᠦᠭ ᠠᠮᠢᠯᠠᠭᠤᠯᠤᠭᠰᠠᠨ᠄ ᠳᠡᠯᠭᠡᠷᠴᠡᠴᠡᠭ
ᠬᠢᠨᠠᠭᠴᠢ᠄ ᠭᠡᠭᠡᠷᠡᠯ
