ᠰᠣᠶᠣᠨ ᠭᠡᠭᠡᠷᠡᠭᠦᠯᠦᠭᠴᠢ ᠣᠳᠬᠠᠨᠰᠣ᠎ᠠ ᠪᠠᠭᠰᠢ -ᠬᠣᠨᠢᠴᠢᠨ ᠨᠠ᠊· ᠮᠥᠩᠬᠡᠪᠠᠭᠠᠲᠤᠷСоён гэгээрүүлэгч утгаансо багш-Хоньчин На·Мөнхбаатар
ᠰᠣᠶᠣᠨ ᠭᠡᠭᠡᠷᠡᠭᠦᠯᠦᠭᠴᠢ ᠣᠳᠬᠠᠨᠰᠣ᠎ᠠ ᠪᠠᠭᠰᠢ
ᠵᠣᠬᠢᠶᠠᠭᠴᠢ᠄ ᠬᠣᠨᠢᠴᠢᠨ ᠨᠠ᠊· ᠮᠥᠩᠬᠡᠪᠠᠭᠠᠲᠤᠷ
ᠤᠶᠠᠩᠭᠠᠯᠠᠭᠴᠢ᠄ ᠬᠣᠨᠢᠴᠢᠨ ᠨᠠ᠊ · ᠮᠥᠩᠬᠡᠪᠠᠭᠠᠲᠤᠷ
ᠥᠭᠡᠯᠦᠨ ᠴᠢᠰᠤᠲᠠᠨ ᠤ᠋ ᠠᠷᠢᠭᠤᠨ ᠦᠨᠳᠦᠰᠦ
ᠥᠷᠯᠥᠭ ᠶᠠᠰᠤᠲᠠᠨ ᠤ᠋ ᠠᠯᠲᠠᠨ ᠬᠡᠯᠬᠢᠶ᠎ᠡ
ᠥᠨᠢᠷ ᠮᠣᠩᠭᠣᠯ ᠤ᠋ᠨ ᠰᠣᠶᠣᠨ ᠬᠡᠬᠡᠷᠡᠭᠦᠯᠦᠭᠴᠢ
ᠥᠪ ᠰᠣᠶᠣᠯ ᠤ᠋ᠨ ᠰᠣᠳᠣᠨ ᠬᠢᠴᠢᠶᠡᠯᠯᠡᠭᠴᠢ
ᠨᠡᠷᠡᠲᠦ ᠶᠢᠷᠲᠢᠨᠴᠦ ᠶ᠋ᠢᠨ ᠲᠠᠪᠢᠯᠠᠩ ᠰᠤᠪᠢᠵᠤ
ᠨᠠᠯᠠᠭᠠᠷ ᠳᠡᠯᠡᠬᠡᠢ ᠳ᠋ᠦ᠍ ᠵᠠᠶᠠᠭᠠᠭᠰᠠᠨ ᠥᠬᠢᠨ
ᠨᠠᠮ ᠵᠠᠰᠠᠭ ᠤ᠋ᠨ ᠠᠴᠢ ᠶ᠋ᠢ ᠬᠠᠷᠢᠭᠤᠯᠠᠵᠤ
ᠨᠠᠰᠤᠨ ᠲᠤᠷᠰᠢᠲᠠ ᠴᠢᠷᠮᠠᠢᠭᠰᠠᠨ ᠪᠦᠰᠡᠭᠦᠢ
ᠨᠠᠢᠷᠠᠭ ᠤᠶᠠᠩᠭ᠎ᠠ ᠶ᠋ᠢᠨ ᠮᠥᠷ ᠪᠠᠳᠠᠭ ᠢ᠋ᠶ᠋ᠠᠷ
ᠨᠠᠶ᠋ᠢᠷᠠᠭᠯᠠᠨ ᠲᠤᠭᠤᠷᠪᠢᠬᠤ ᠭᠠᠪᠢᠶᠠᠲᠤ ᠪᠠᠭᠰᠢ
ᠨᠠᠢᠷ ᠬᠤᠭᠤᠷ ᠤ᠋ᠨ ᠡᠬᠡᠰᠢᠭ ᠠᠶᠠᠯᠭᠤ ᠪᠠᠷ
ᠨᠠᠢᠷᠠᠭᠤᠯᠤᠨ ᠳᠠᠭᠤᠯᠠᠬᠤ ᠵᠢᠳᠬᠦᠯᠳᠦ ᠪᠠᠭᠰᠢ
ᠤᠷᠠᠳ ᠨᠤᠲᠤᠭ ᠠ᠋ᠴᠠ ᠰᠢᠯᠭᠠᠷᠠᠨ ᠭᠠᠷᠤᠭᠰᠠᠨ
ᠤᠬᠠᠭᠠᠨ ᠴᠢᠳᠠᠪᠤᠷᠢ ᠨᠢ ᠬᠣᠣᠰᠯᠠᠭᠰᠠᠨ ᠪᠠᠭᠰᠢ
ᠤᠭᠰᠠᠭ᠎ᠠ ᠭᠧᠨ ᠡᠴᠡ ᠴᠣᠯᠭᠣᠷᠠᠨ ᠭᠠᠷᠤᠭᠰᠠᠨ
ᠤᠬᠠᠮᠰᠠᠷ ᠰᠢᠢᠳᠪᠦᠷᠢ ᠨᠢ ᠠᠰᠯᠠᠭᠰᠠᠨ ᠪᠠᠭᠰᠢ
ᠤᠤᠭᠠᠯ ᠰᠣᠶᠣᠯ ᠤ᠋ᠨ ᠪᠤᠭᠤᠷᠤᠯ ᠹᠷᠣᠨᠲ ᠲᠤ᠌
ᠤᠯᠠ ᠮᠥᠷ ᠢ᠋ᠶ᠋ᠡᠨ ᠦᠯᠡᠳᠡᠭᠡᠭᠰᠡᠨ ᠪᠠᠭᠰᠢ
ᠤᠳᠤᠮ ᠰᠤᠳᠤᠷ ᠤ᠋ᠨ ᠳᠠᠷᠬᠠᠨ ᠦᠢᠯᠡᠰ ᠲᠦ᠍
ᠤᠭᠤᠷᠠᠭ ᠲᠠᠷᠢᠬᠢ ᠪᠠᠨ ᠵᠦᠳᠡᠭᠡᠭᠰᠡᠨ ᠪᠠᠭᠰᠢ
ᠣ ᠶ᠋ᠢᠨ ᠪᠢᠷ ᠦ᠋ᠨ ᠴᠠᠭᠠᠨ ᠲᠣᠭᠣᠰᠣᠨ ᠳ᠋ᠤ᠌
ᠣᠶᠣᠮᠠᠯ ᠬᠦᠷᠮ᠎ᠡ ᠨᠢ ᠴᠠᠢᠷᠠᠭᠰᠠᠨ ᠪᠠᠭᠰᠢ
ᠣᠨ ᠵᠢᠯ ᠦ᠋ᠨ ᠪᠣᠷᠣᠬᠠᠨ ᠲᠣᠭᠣᠰᠣᠨ ᠳ᠋ᠤ᠌
ᠣᠷᠣᠢ ᠶ᠋ᠢᠨ ᠦᠰᠦ ᠨᠢ ᠴᠠᠢᠭᠰᠠᠨ ᠪᠠᠭᠰᠢ
ᠣᠶᠤᠨ ᠮᠡᠳᠡᠯᠭᠡ ᠪᠡᠨ ᠰᠤᠷᠭᠠᠵᠤ ᠶᠠᠪᠤᠭᠰᠠᠨ
ᠣᠷᠣᠨ ᠠᠢᠮᠠᠭ ᠲᠠᠭᠠᠨ ᠨᠠᠮᠲᠠᠷ ᠲᠠᠢ ᠪᠠᠭᠰᠢ
ᠣᠶᠤᠨ ᠪᠢᠴᠢᠭᠯᠡᠭᠦᠷ ᠢ᠋ᠶ᠋ᠡᠨ ᠵᠢᠭᠠᠵᠤ ᠶᠠᠪᠤᠭᠰᠠᠨ
ᠣᠢᠷ᠎ᠠ ᠬᠣᠯᠠ ᠳ᠋ᠠᠭᠠᠨ ᠠᠯᠳᠠᠷ ᠲᠠᠢ ᠪᠠᠭᠰᠢ
ᠣᠢ ᠰᠡᠳᠬᠢᠬᠦᠢ ᠪᠡᠨ ᠬᠥᠭᠵᠢᠭᠦᠯᠵᠦ ᠶᠠᠪᠤᠭᠰᠠᠨ
ᠣᠮᠣᠭᠰᠢᠯ ᠪᠣᠯᠤᠭᠰᠠᠨ ᠮᠠᠭᠲᠠᠯᠲᠠᠢ ᠪᠠᠭᠰᠢ
ᠣᠯᠠᠨ ᠲᠦᠮᠡᠨ ᠢ᠋ᠶ᠋ᠡᠨ ᠬᠥᠭᠰᠡᠭᠦᠯᠵᠦ ᠶᠠᠪᠤᠭᠰᠠᠨ
ᠣᠳᠣᠳ ᠬᠡᠯᠬᠢᠭᠰᠡᠨ ᠰᠠᠢᠰᠢᠶᠠᠯᠲᠠᠢ ᠪᠠᠭᠰᠢ
ᠪᠣᠰᠤᠭ᠎ᠠ ᠦᠰᠦᠭ ᠢ᠋ᠶ᠋ᠡᠨ ᠤᠯᠠᠮᠵᠢᠯᠠᠵᠤ ᠶᠠᠪᠤᠭᠰᠠᠨ
ᠪᠣᠳᠣᠯ ᠰᠡᠳᠬᠢᠯ ᠦ᠋ᠨ ᠮᠢᠨᠢ ᠬᠦᠨᠳᠦᠲᠦ ᠪᠠᠭᠰᠢ
ᠪᠣᠷᠵᠢᠭᠢᠨ ᠰᠦᠰᠦᠭ ᠢ᠋ᠶ᠋ᠡᠨ ᠵᠠᠯᠭᠠᠮᠵᠢᠯᠠᠵᠤ ᠶᠠᠪᠤᠭᠰᠠᠨ
ᠪᠤᠯᠭᠢᠯᠠᠬᠤ ᠵᠢᠷᠦᠬᠡᠨ ᠦ᠌ ᠮᠢᠨᠢ ᠬᠠᠢᠷᠠᠲᠤ ᠪᠠᠭᠰᠢ
ᠵᠥᠪ ᠪᠢᠴᠢᠯᠭᠡ ᠶ᠋ᠢᠨ ᠬᠠᠷᠭᠤᠢ ᠭᠡᠷᠡᠯᠲᠦᠭᠦᠯᠵᠦ
ᠵᠦᠳᠡᠷᠡᠭᠰᠡᠭᠡᠷ ᠢᠷᠡᠭᠰᠡᠨ ᠠᠰᠠᠷᠠᠯᠲᠤ ᠪᠠᠭᠰᠢ
ᠵᠦᠢᠯ ᠪᠦᠷᠢ ᠶ᠋ᠢᠨ ᠬᠠᠷᠠᠩᠭᠤᠢ ᠬᠡᠬᠡᠷᠡᠭᠦᠯᠵᠦ
ᠵᠦᠳᠡᠭᠰᠡᠭᠡᠷ ᠢᠷᠡᠭᠰᠡᠨ ᠠᠴᠢᠯᠠᠯᠲᠤ ᠪᠠᠭᠰᠢ
ᠳᠥᠷᠪᠡᠨ ᠵᠦᠭ ᠦ᠋ᠨ ᠡᠯᠢᠭᠡ ᠨᠢᠭᠡᠲᠡᠨ ᠢ᠋ᠶ᠋ᠡᠨ
ᠳᠥᠷᠦᠭᠡᠨ ᠳ᠋ᠦ᠍ ᠡᠷᠭᠦᠭᠰᠡᠨ ᠠᠬᠠᠮᠠᠳ ᠪᠠᠭᠰᠢ
ᠳᠥᠷᠪᠡᠨ ᠵᠢᠯ ᠢ᠋ᠶ᠋ᠡᠷ ᠵᠢᠭᠠᠨ ᠵᠢᠯᠣᠭᠣᠳᠤᠭᠰᠠᠨ
ᠳᠥᠷᠪᠡᠳᠦᠭᠡᠷ ᠴᠤᠭᠯᠠᠷᠠᠯ ᠤ᠋ᠨ ᠠᠬᠠᠯᠠᠭᠴᠢ ᠪᠠᠭᠰᠢ
ᠬᠥᠭᠰᠢᠳ ᠨᠠᠰᠤᠲᠠᠳ ᠠᠬᠠᠰ ᠵᠠᠬᠠᠰ ᠢ᠋ᠶ᠋ᠠᠨ
ᠬᠦᠨᠳᠦᠯᠡᠵᠦ ᠳᠠᠭᠠᠭᠤᠯᠤᠭᠰᠠᠨ ᠡᠷᠬᠢᠮ ᠪᠠᠭᠰᠢ
ᠬᠥᠭᠡᠷᠦᠬᠦᠢ ᠪᠠᠭ᠎ᠠ ᠬᠡᠦᠬᠡᠳ ᠳᠡᠭᠦᠦ ᠨᠠᠷ ᠢ᠋ᠶ᠋ᠠᠨ
ᠬᠥᠮᠦᠵᠢᠭᠦᠯᠵᠦ ᠬᠥᠲᠥᠯᠦᠭᠰᠡᠨ ᠡᠨᠡᠷᠢᠯᠲᠦ ᠪᠠᠭᠰᠢ
ᠰᠤᠷᠭᠠᠭᠤᠯᠢ ᠪᠠᠨ ᠭᠡᠰᠡᠨ ᠶᠠᠭᠠᠷᠠᠤ ᠠᠵᠢᠯ ᠲᠠᠢ
ᠰᠤᠤ ᠤᠬᠠᠭᠠᠷᠠᠯ ᠤᠨ ᠤᠷᠭᠤᠭᠤᠯᠤᠭᠴᠢ ᠪᠠᠭᠰᠢ
ᠰᠤᠷᠤᠭᠴᠢ ᠪᠠᠨ ᠭᠡᠰᠡᠨ ᠰᠠᠨᠳᠤᠷᠤᠤ ᠠᠯᠪᠠ ᠲᠠᠢ
ᠰᠤᠷᠭᠠᠨ ᠬᠥᠮᠦᠵᠢᠯ ᠦ᠋ᠨ ᠤᠳᠤᠷᠢᠳᠤᠭᠴᠢ ᠪᠠᠭᠰᠢ
ᠪᠡᠬᠡ ᠪᠣᠳᠣᠭ ᠤ᠋ᠨ ᠴᠡᠩᠬᠡᠷ ᠤᠷᠤᠰᠬᠠᠯ ᠳ᠋ᠤᠨᠢ
ᠪᠢᠯᠢᠭ ᠦ᠋ᠨ ᠣᠩᠭᠣᠳ ᠪᠠᠭᠤᠭᠰᠠᠨ ᠪᠠᠭᠰᠢ
ᠪᠢᠴᠢᠭ ᠵᠢᠷᠤᠭ ᠤ᠋ᠨ ᠴᠡᠭᠡᠨ ᠰᠣᠯᠣᠩᠭᠠᠨ ᠳ᠋ᠤᠨᠢ
ᠪᠢᠷ ᠦ᠋ᠨ ᠰᠢᠳᠢ ᠣᠷᠣᠰᠢᠭᠰᠠᠨ ᠪᠠᠭᠰᠢ
ᠰᠡᠳᠦᠪᠯᠡᠵᠦ ᠪᠢᠴᠢᠭᠰᠡᠨ ᠤᠶᠠᠩᠭ᠎ᠠ ᠨᠠᠢᠷᠠᠭ ᠢ᠋ᠶ᠋ᠠᠨ
ᠰᠡᠳᠬᠢᠯ ᠦ᠋ᠨ ᠵᠥᠩᠨᠡᠯ ᠢ᠋ᠶ᠋ᠡᠷ ᠥᠨᠳᠥᠷᠯᠡᠵᠦ ᠪᠠᠢᠨ᠎ᠠ
ᠰᠡᠬᠡᠭᠡᠷᠡᠭᠦᠯᠵᠦ ᠢᠷᠡᠭᠰᠡᠨ ᠣᠳᠬᠠᠨᠰᠤ᠎ᠠ ᠪᠠᠭᠰᠢ ᠪᠠᠨ
ᠰᠡᠯᠡᠩᠭᠡ ᠶ᠋ᠢᠨ ᠤᠰᠤᠨ ᠢ᠋ᠶ᠋ᠠᠷ ᠴᠡᠢᠯᠡᠵᠦ ᠪᠠᠢᠨ᠎ᠠ
ᠳᠡᠪᠡᠯ ᠲᠡᠢ ᠨᠠᠷᠠᠨ ᠣᠳᠬᠠᠨᠰᠣ᠎ᠠ ᠪᠠᠭᠰᠢ ᠮᠢᠨᠢ
ᠳᠡᠯᠭᠡᠷ ᠰᠠᠢᠬᠠᠨ ᠵᠢᠷᠭᠠᠬᠤ ᠪᠣᠯᠲᠤᠭᠠᠢ!
ᠳᠡᠪᠲᠡᠷ ᠲᠡᠢ ᠰᠠᠷᠠᠨ ᠣᠳᠬᠠᠨᠰᠣ᠎ᠠ ᠪᠠᠭᠰᠢ ᠮᠢᠨᠢ
ᠳᠡᠭᠡᠭᠰᠢ ᠵᠠᠭᠤᠨ ᠨᠠᠰᠤᠯᠠᠬᠤ ᠪᠣᠯᠲᠤᠭᠠᠢ!
ᠳᠡᠪᠲᠡᠷ ᠲᠡᠢ ᠰᠠᠷᠠᠨ ᠣᠳᠬᠠᠨᠰᠣ᠎ᠠ ᠪᠠᠭᠰᠢ ᠮᠢᠨᠢ
ᠳᠡᠭᠡᠭᠰᠢ ᠵᠠᠭᠤᠨ ᠨᠠᠰᠤᠯᠠᠬᠤ ᠪᠣᠯᠲᠤᠭᠠᠢ!
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠠᠮᠤᠷᠪᠠᠶᠠᠷ
