ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–6 Идээ ундааны жинхэнэ товч–Хүсэхүй᠂ Хөхлуу нар – 1-р боть᠂Эрхэм найрлагат итгэн ундаа- 6 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–6 Идээ ундааны жинхэнэ товч–Хүсэхүй᠂ Хөхлуу нар – 1-р боть᠂Эрхэм найрлагат итгэн ундаа- 6

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–6 Идээ ундааны жинхэнэ товч–Хүсэхүй᠂ Хөхлуу нар – 1-р боть᠂Эрхэм найрлагат итгэн ундаа- 6

2026-04-18

49

ᠡᠷᠬᠢᠮ ᠨᠠᠢᠷᠠᠯᠭᠠᠳᠤ ᠢᠳᠡᠭᠡᠨ ᠤᠮᠳᠠᠭᠠᠨ–6


ᠰᠢᠯᠵᠠᠯᠤᠮᠠᠯ ᠭᠠᠯᠠᠭᠤᠨ ᠮᠢᠬ᠎ᠠ (ᠬᠠᠷ᠎ᠠ ᠭᠠᠯᠠᠭᠤ ᠪᠠ ᠨᠤᠭᠤᠰᠤ ᠶ᠋ᠢ ᠪᠣᠯᠭᠣᠬᠤ ᠯᠤᠭ᠎ᠠ ᠠᠳᠠᠯᠢ) 
       ᠭᠠᠯᠠᠭᠤ ᠨᠢᠭᠡ ᠶ᠋ᠢ ᠦᠰᠦ ᠨᠣᠯᠤᠤᠷ ᠪᠠ ᠭᠡᠳᠡᠰᠦ ᠳᠣᠲᠣᠷ ᠢ᠋ ᠢᠨᠤ ᠴᠥᠮ ᠴᠡᠪᠡᠷᠯᠡᠨ ᠠᠷᠢᠯᠭᠠᠵᠤ᠂ᠬᠣᠨᠢᠨ ᠭᠦᠵᠡᠭᠡ ᠨᠢᠭᠡ ᠶ᠋ᠢ ᠮᠥᠨ ᠰᠠᠢᠲᠤᠷ ᠤᠬᠢᠶᠠᠵᠤ ᠴᠡᠪᠡᠷᠯᠡᠭᠡᠳ ᠭᠦᠵᠡᠭᠡᠨ ᠳᠣᠲᠣᠷ᠎ᠠ ᠭᠠᠯᠠᠭᠤ ᠶ᠋ᠢ ᠠᠬᠤᠭᠤᠯᠵᠤ᠂ ᠰᠣᠩᠭᠢᠨ᠎ᠠ ᠬᠣᠶᠠᠷ ᠯᠠᠩ᠂ ᠦᠨᠦᠷᠲᠦ ᠨᠣᠭᠣᠭᠠᠨ ᠤ᠋ ᠲᠠᠯᠬ᠎ᠠ ᠨᠢᠭᠡᠨ ᠯᠠᠩ᠃ 
       ᠳᠡᠭᠡᠷᠡᠬᠢ ᠰᠣᠩᠭᠢᠨ᠎ᠠ ᠨᠤᠭᠤᠳ ᠢ᠋ ᠳᠠᠪᠤᠰᠤ ᠲᠠᠢ ᠨᠠᠢᠷᠠᠭᠤᠯᠵᠤ ᠭᠠᠯᠠᠭᠤ ᠶ᠋ᠢᠨ ᠬᠡᠪᠡᠯᠢ ᠳ᠋ᠦ᠍ᠷ ᠬᠢᠭᠡᠳ ᠴᠢᠨᠠᠵᠤ ᠪᠤᠯᠭᠤᠮᠤᠢ᠃ 

ᠰᠢᠵᠠᠯᠮᠠᠯ ᠵᠠᠷᠠᠭ 
       ᠵᠠᠷᠠᠭ ᠠᠷᠪᠠ ᠶ᠋ᠢ ᠦᠰᠦ ᠨᠣᠯᠤᠤᠷ ᠢ᠋ ᠠᠷᠢᠯᠭᠠᠵᠤ ᠤᠬᠢᠶᠠᠨ᠂ ᠦᠰᠦ᠋ ᠶ᠋ᠢᠨ ᠲᠠᠯᠬ᠎ᠠ ᠨᠢᠭᠡ  ᠯᠠᠩ᠂ ᠰᠣᠩᠭᠢᠨ᠎ᠠ ᠠᠷᠪᠠᠨ ᠲᠣᠯᠣᠭᠠᠢ᠂ ᠪᠠᠭᠰᠤᠷᠭ᠎ᠠ ᠲᠠᠪᠤᠨ ᠴᠢᠨ᠃ 
       ᠳᠡᠭᠡᠷᠡᠬᠢ ᠵᠦᠢᠯ ᠦ᠋ᠳ ᠢ᠋ ᠳᠠᠪᠤᠰᠤ ᠬᠢᠵᠦ ᠨᠡᠢᠯᠡᠭᠦᠯᠦᠨ  ᠲᠡᠭᠰᠢᠬᠡᠨ ᠬᠤᠳᠬᠤᠭᠠᠳ ᠴᠢᠨᠠᠵᠤ ᠰᠢᠯᠵᠠᠯᠤᠮᠤᠢ᠃ ᠡᠰᠡ ᠪᠥᠭᠡᠰᠦ ᠢᠰᠬᠡᠭᠰᠡᠨ ᠭᠤᠯᠢᠷ ᠢ᠋ᠶ᠋ᠠᠷ ᠵᠠᠷᠠᠭ ᠢ᠋ ᠪᠠᠭᠯᠠᠵᠤ ᠵᠢᠩᠨᠡᠭᠦᠷ ᠲᠣᠷ  ᠲᠠᠯᠪᠢᠵᠤ ᠵᠢᠩᠨᠡᠵᠦ ᠪᠣᠯᠭᠣᠵᠤ ᠴᠤ᠌ ᠪᠣᠯᠤᠮᠤᠢ᠃ᠡᠰᠡᠬᠦᠯ᠎ᠡ ᠰᠢᠷ᠎ᠠ ᠲᠣᠰᠣ ᠲᠠᠢ ᠤᠰᠤ ᠪᠠᠷ ᠭᠤᠯᠢᠷ ᠵᠢᠭᠤᠷᠠᠭᠠᠳ ᠵᠠᠷᠠᠭ ᠢ᠋ ᠪᠠᠭᠯᠠᠵᠤ ᠬᠠᠢᠪᠢ  ᠲᠣᠭᠣᠭ᠎ᠠ ᠪᠠᠷ ᠬᠠᠭᠰᠠᠭᠠᠵᠤ ᠴᠤ᠌ ᠪᠣᠯᠤᠮᠤᠢ᠃            

ᠪᠤᠷᠭᠠᠰᠤᠨ ᠵᠢᠩᠨᠡᠮᠡᠯ ᠬᠣᠨᠢᠨ ᠮᠢᠬ᠎ᠠ   
       ᠨᠣᠣᠰᠣ ᠲᠠᠢ ᠬᠣᠨᠢ ᠨᠢᠭᠡ᠃ 
       ᠭᠠᠵᠠᠷ ᠳᠡᠭᠡᠷ᠎ᠡ ᠭᠤᠷᠪᠠᠨ ᠲᠣᠬᠣᠢ ᠥᠨᠳᠥᠷ ᠴᠢᠯᠠᠭᠤᠨ ᠵᠤᠤᠬ᠎ᠠ ᠪᠠᠷᠢᠵᠤ᠂ ᠴᠢᠯᠠᠭᠤ ᠶ᠋ᠢ ᠤᠯᠠᠢᠰᠲᠠᠯ᠎ᠠ ᠲᠥᠯᠥᠮᠦᠢ᠃ ᠵᠢᠴᠢ ᠭᠦᠷᠦᠮᠡᠯ ᠲᠡᠮᠦᠷ ᠰᠠᠪᠠᠨ ᠳ᠋ᠤᠷ ᠬᠣᠨᠢ ᠪᠠᠨ ᠲᠠᠯᠪᠢᠭᠠᠳ᠂ ᠵᠤᠤᠬ᠎ᠠ ᠶ᠋ᠢᠨ ᠳᠣᠲᠣᠷ᠎ᠠ ᠲᠠᠯᠪᠢᠵᠤ᠂ ᠳᠡᠭᠡᠭᠦᠷ ᠢᠨᠦ  ᠪᠤᠷᠭᠠᠰᠤ ᠪᠠᠷ ᠪᠦᠲᠡᠭᠡᠵᠦ ᠰᠢᠷᠣᠢ ᠪᠠᠷ ᠪᠢᠲᠡᠭᠦᠮᠵᠢᠯᠡᠨ ᠳᠠᠷᠤᠭᠠᠳ ᠪᠣᠯᠭᠣᠭᠰᠠᠨ ᠤ᠋ ᠬᠡᠮᠵᠢᠶᠡᠨ ᠳ᠋ᠦ᠍ᠷ ᠬᠦᠷᠬᠦ ᠳ᠋ᠦ᠍ ᠭᠠᠷᠭᠠᠵᠤ ᠠᠪᠤᠮᠤᠢ᠃   

ᠰᠠᠩ ᠤ᠋ᠨ ᠮᠠᠨᠲᠸᠤ (ᠮᠢᠬᠠᠨ ᠢᠳᠡᠭᠡ ᠲᠡᠢ ᠪᠣᠣᠽᠢ <ᠪᠤᠤᠵᠠ>
       ᠬᠣᠨᠢᠨ ᠮᠢᠬ᠎ᠠ ᠥᠭᠡᠬᠦ᠂ ᠰᠣᠩᠭᠢᠨ᠎ᠠ᠂ ᠨᠣᠢᠲᠠᠨ ᠭᠠ᠂ ᠵᠦᠷᠪᠠᠭ ᠵᠡᠷᠭᠡ ᠶ᠋ᠢ ᠲᠤᠰ ᠪᠦᠷᠢ ᠳ᠋ᠦ᠍ᠨᠢ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠳᠠᠪᠤᠰᠤ ᠵᠢᠶᠠᠩ ᠲᠠᠢ ᠨᠡᠢᠯᠡᠭᠦᠯᠦᠨ ᠬᠤᠳᠬᠤᠵᠤ᠂ ᠮᠢᠬᠠᠨ ᠢᠳᠡᠭᠡᠨ ᠪᠣᠯᠭᠠᠨ ᠨᠠᠢᠷᠠᠭᠤᠯᠤᠭᠠᠳ ᠴᠠᠭᠠᠨ ᠭᠤᠯᠢᠷ ᠢ᠋ᠶ᠋ᠠᠷ ᠪᠠᠷᠢᠵᠤ ᠵᠢᠩᠨᠡᠮᠦᠢ᠃          

ᠪᠤᠭᠤ ᠶ᠋ᠢᠨ ᠳᠠᠯᠠᠩ ᠤ᠋ᠨ ᠮᠠᠨᠲᠸᠤ (ᠰᠠᠩ ᠤ᠋ᠨ ᠮᠠᠨᠲᠸᠤ ᠪᠤᠶᠤ ᠨᠢᠮᠭᠡᠨ ᠬᠠᠯᠢᠰᠤ ᠲᠠᠢ ᠮᠠᠨᠲᠸᠤ ᠬᠢᠵᠦ ᠪᠦᠷ ᠪᠣᠯᠤᠨ᠎ᠠ)   
       ᠪᠤᠭᠤ ᠶ᠋ᠢᠨ ᠳᠠᠯᠠᠩ ᠪᠠ ᠬᠣᠨᠢᠨ ᠰᠡᠭᠦᠯ ᠢ᠋ ᠲᠤᠰ ᠪᠦᠷᠢ ᠳ᠋ᠦ᠍ᠨᠢ ᠲᠤᠱᠠᠮᠠᠨ ᠲᠡᠳᠦᠢ ᠬᠡᠷᠴᠢᠵᠦ᠂ ᠨᠣᠢᠲᠠᠨ ᠭᠠ᠂ ᠵᠦᠷᠪᠠᠭ ᠢ᠋ ᠴᠥᠮ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠪᠠᠭᠰᠤᠷᠭ᠎ᠠ᠂ ᠳᠠᠪᠤᠰᠤ ᠲᠠᠢ ᠬᠤᠳᠬᠤᠨ ᠨᠠᠢᠷᠠᠭᠤᠯᠵᠤ ᠢᠳᠡᠭᠡ ᠪᠣᠯᠭᠠᠭᠠᠳ᠂ ᠴᠠᠭᠠᠨ ᠭᠤᠯᠢᠷ ᠢ᠋ᠶ᠋ᠠᠷ ᠪᠠᠷᠢᠵᠤ ᠵᠢᠩᠨᠡᠮᠦᠢ᠃    

ᠬᠠᠰᠢ ᠶ᠋ᠢᠨ ᠮᠠᠨᠲᠸᠤ   
       ᠬᠣᠨᠢᠨ ᠮᠢᠬ᠎ᠠ ᠥᠭᠡᠬᠦ᠂ᠰᠡᠭᠦᠯ᠂ ᠰᠣᠩᠭᠢᠨ᠎ᠠ᠂ ᠵᠦᠷᠪᠠᠭ ᠵᠡᠷᠭᠡ ᠶ᠋ᠢ ᠴᠥᠮ ᠨᠠᠷᠢᠨ ᠬᠡᠷᠴᠢᠨ᠂  ᠵᠠᠯᠠᠭᠤ ᠨᠡᠮᠡᠭᠦᠨ ᠬᠠᠰᠢ ᠶ᠋ᠢ ᠳᠣᠲᠣᠷᠠᠬᠢ ᠭᠣᠣᠯ ᠢ᠋ ᠠᠨᠤ ᠠᠪᠴᠤ ᠬᠠᠶᠠᠮᠤᠢ᠃  
       ᠳᠡᠭᠡᠷᠡᠬᠢ ᠵᠦᠢᠯ ᠦ᠋ᠳ ᠢ᠋ ᠨᠠᠢᠷᠠᠭᠤᠯᠤᠨ ᠮᠢᠬ᠎ᠠ ᠲᠠᠢ ᠢᠳᠡᠭᠡ ᠪᠣᠯᠭᠠᠨ ᠵᠢᠭᠤᠷᠠᠵᠤ  ᠬᠠᠰᠢ ᠶ᠋ᠢᠨ ᠳᠣᠲᠣᠷ᠎ᠠ ᠴᠢᠬᠢᠵᠦ ᠬᠠᠪᠴᠢᠭᠤᠯᠤᠭᠠᠳ ᠵᠢᠩᠨᠡᠮᠦᠢ᠃ ᠡᠭᠦᠨ ᠢ᠋ ᠰᠠᠷᠢᠮᠰᠠᠭ᠂ ᠲᠠᠷᠠᠭ᠂ ᠠᠮᠲᠠᠲᠤ ᠨᠣᠭᠣᠭ᠎ᠠ ᠶ᠋ᠢᠨ ᠲᠠᠯᠬ᠎ᠠ ᠨᠤᠭᠤᠳ ᠤ᠋ᠨ ᠨᠠᠢᠷᠠᠯᠭ᠎ᠠ ᠳ᠋ᠤᠷ ᠬᠢᠵᠦ ᠢᠳᠡᠨ᠎ᠡ᠃  

ᠬᠠᠢᠴᠢᠯᠠᠮᠠᠯ ᠬᠤᠸᠠᠷᠯᠢᠭ  
       ᠬᠣᠨᠢᠨ ᠮᠢᠬ᠎ᠠ᠂ ᠥᠭᠡᠬᠦ᠂ ᠰᠡᠭᠦᠯ᠂ᠰᠣᠩᠭᠢᠨ᠎ᠠ᠂ ᠵᠦᠷᠪᠠᠭ ᠵᠡᠷᠭᠡ ᠶ᠋ᠢ ᠲᠤᠰ ᠪᠦᠷᠢ ᠳ᠋ᠦ᠍ᠨᠢ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠪᠠᠭᠰᠤᠷᠭ᠎ᠠ᠂ ᠳᠠᠪᠤᠰᠤ᠂ ᠵᠢᠶᠠᠩ ᠯᠤᠭ᠎ᠠ ᠨᠠᠢᠷᠠᠭᠤᠯᠤᠨ ᠵᠢᠭᠤᠷᠠᠵᠤ᠂ ᠮᠢᠬᠠᠨ ᠢᠳᠡᠭᠡ ᠪᠣᠯᠭᠠᠵᠤ᠂ ᠴᠠᠭᠠᠨ ᠭᠤᠯᠢᠷ ᠢ᠋ᠶ᠋ᠠᠷ ᠪᠠᠷᠢᠭᠠᠳ᠂ ᠬᠠᠢᠴᠢ ᠪᠠᠷ ᠡᠯᠳᠡᠪ ᠮᠠᠶᠢᠭ ᠤ᠋ᠨ ᠬᠤᠸᠠᠷ ᠭᠠᠷᠭᠠᠨ ᠵᠢᠩᠨᠡᠵᠦ᠂ ᠬᠤᠸᠠᠷ ᠤ᠋ᠨ ᠳᠡᠭᠡᠷ᠎ᠡ ᠡᠩᠭᠡᠰᠬᠡ ᠪᠡᠷ ᠪᠣᠳᠣᠭ ᠣᠷᠣᠭᠤᠯᠤᠮᠤᠢ᠃ 

ᠪᠣᠯᠣᠷᠯᠢᠭ ᠪᠣᠭᠣᠷᠰᠣᠭ  
       ᠬᠣᠨᠢᠨ ᠮᠢᠬ᠎ᠠ ᠥᠭᠡᠬᠦ᠂ ᠰᠡᠭᠦᠯ᠂ᠰᠣᠩᠭᠢᠨ᠎ᠠ᠂ ᠵᠦᠷᠪᠠᠭ᠂ ᠨᠣᠢᠲᠠᠨ ᠭᠠ ᠨᠤᠭᠤᠳ ᠢ᠋ ᠨᠠᠷᠢᠨ ᠬᠡᠷᠴᠢᠮᠦᠢ᠃  
       ᠳᠡᠭᠡᠷᠡᠬᠢ ᠵᠦᠢᠯ ᠦ᠋ᠳ ᠢ᠋ ᠠᠮᠲᠠ ᠶ᠋ᠢᠨ ᠨᠠᠷᠢᠯᠢᠭ ᠪᠠᠭᠰᠤᠷᠭ᠎ᠠ ᠪᠠ ᠳᠠᠪᠤᠰᠤ ᠵᠢᠶᠠᠩ ᠲᠠᠢ ᠨᠡᠢᠯᠡᠭᠦᠯᠦᠨ ᠲᠡᠭᠰᠢᠬᠡᠨ ᠵᠢᠭᠤᠷᠠᠭᠠᠳ ᠪᠤᠷᠴᠠᠭ ᠤ᠋ᠨ ᠭᠤᠯᠢᠷ (ᠡᠳᠦᠭᠡ ᠶ᠋ᠢᠨ ᠹᠧᠨᠮᠢᠶᠠᠨᠽᠢ ᠶ᠋ᠢ ᠬᠡᠯᠡᠵᠦ ᠪᠠᠢᠬᠤ ᠪᠤᠶᠤ)  ᠢᠶᠠᠷ ᠬᠠᠯᠢᠰᠤ ᠬᠦᠪᠦᠷᠯᠡᠵᠦ ᠪᠠᠷᠢᠮᠤᠢ᠃         

ᠦᠭᠦᠷᠡᠮᠡᠭ ᠬᠠᠯᠢᠰᠤᠲᠤ ᠪᠣᠭᠣᠷᠰᠣᠭ 
       ᠬᠣᠨᠢᠨ ᠮᠢᠬ᠎ᠠ ᠥᠭᠡᠬᠦ᠂ ᠰᠡᠭᠦᠯ᠂ᠰᠣᠩᠭᠢᠨ᠎ᠠ᠂ ᠵᠦᠷᠪᠠᠭ᠂ ᠨᠣᠢᠲᠠᠨ ᠭᠠ ᠨᠤᠭᠤᠳ ᠢ᠋ ᠲᠤᠰ ᠪᠦᠷᠢ ᠳ᠋ᠦ᠍ᠨᠢ ᠨᠠᠷᠢᠨ ᠬᠡᠷᠴᠢᠵᠦ᠂  ᠲᠡᠭᠦᠨ ᠳᠡᠭᠡᠷ᠎ᠡ ᠪᠠᠰᠠ ᠭᠤᠸᠠᠬᠠᠰᠤᠨ (ᠰᠠᠷᠠᠨ᠎ᠠ ᠶ᠋ᠢᠨ ᠦᠨᠳᠦᠰᠦ)  ᠢ ᠨᠡᠮᠡᠷᠢᠯᠡᠵᠦ ᠴᠦ᠍ ᠪᠣᠯᠤᠮᠤᠢ᠃  
       ᠳᠡᠭᠡᠷᠡᠬᠢ ᠵᠦᠢᠯ ᠦ᠋ᠳ ᠢ᠋ ᠪᠠᠭᠰᠤᠷᠭ᠎ᠠ ᠪᠠ ᠳᠠᠪᠤᠰᠤ ᠵᠢᠶᠠᠩ ᠲᠠᠢ ᠨᠡᠢᠯᠡᠭᠦᠯᠦᠨ ᠲᠡᠭᠰᠢᠬᠡᠨ ᠵᠢᠭᠤᠷᠠᠵᠤ ᠵᠢᠴᠢ ᠦᠷᠡᠰ ᠦ᠋ᠨ ᠲᠣᠰᠣ᠂ ᠪᠤᠳᠠᠭ᠎ᠠ ᠶ᠋ᠢᠨ ᠭᠤᠯᠢᠷ ᠤ᠋ᠳ ᠴᠠᠭᠠᠨ ᠭᠤᠯᠢᠷ ᠯᠤᠭ᠎ᠠ ᠨᠡᠢᠯᠡᠭᠦᠯᠦᠨ ᠨᠤᠬᠤᠭᠠᠳ ᠬᠠᠯᠢᠰᠤ ᠬᠢᠵᠦ ᠪᠠᠷᠢᠮᠤᠢ᠃  

ᠫᠢᠯᠲᠠᠭᠠᠷ ᠪᠣᠭᠤᠷᠰᠣᠭ 
       ᠬᠣᠨᠢᠨ ᠮᠢᠬ᠎ᠠ ᠥᠭᠡᠬᠦ ᠰᠡᠭᠦᠯ ᠪᠠ ᠰᠢᠨ᠎ᠡ ᠭᠣᠭᠣᠳ ᠵᠡᠷᠭᠡ ᠶ᠋ᠢ ᠲᠤᠰ ᠪᠦᠷᠢ ᠳ᠋ᠦ᠍ᠨᠢ ᠨᠠᠷᠢᠨ ᠬᠡᠷᠴᠢᠮᠦᠢ᠃  
       ᠳᠡᠭᠡᠷᠡᠬᠢ ᠵᠦᠢᠯ ᠦ᠋ᠳ ᠲᠦ᠍ ᠠᠮᠲᠠ ᠶ᠋ᠢᠨ ᠨᠠᠢᠷᠠᠯᠭ᠎ᠠ ᠪᠠ ᠳᠠᠪᠤᠰᠤ ᠵᠢᠶᠠᠩ ᠲᠠᠯᠪᠢᠵᠤ ᠲᠡᠭᠰᠢᠬᠡᠨ ᠵᠢᠭᠤᠷᠠᠵᠤ᠂ ᠴᠠᠭᠠᠨ ᠭᠤᠯᠢᠷ ᠢ᠋ᠶ᠋ᠠᠷ ᠬᠠᠯᠢᠰᠤ ᠬᠦᠪᠦᠷᠯᠡᠵᠦ ᠪᠠᠷᠢᠭᠠᠳ ᠬᠠᠢᠪᠢ ᠲᠣᠭᠣᠭᠠᠨ ᠳ᠋ᠤᠷ ᠬᠠᠭᠠᠷᠢᠵᠤ ᠪᠣᠯᠭᠠᠮᠤᠢ᠃  ᠡᠰᠡᠬᠦᠯ᠎ᠡ ᠰᠢᠷ᠎ᠠ ᠲᠣᠰᠣ ᠪᠠ ᠪᠠᠯ ᠢ᠋ᠶ᠋ᠠᠷ ᠪᠤᠶᠤ ᠬᠤᠯᠤᠨ ᠬᠡᠮᠬᠡ ᠪᠡᠷ ᠢᠳᠡᠭᠡ ᠬᠢᠵᠦ ᠴᠦ᠍ ᠪᠣᠯᠤᠮᠤᠢ᠃   

ᠵᠣᠷᠭᠣᠳᠠᠰᠤ ᠶ᠋ᠢᠨ ᠢᠳᠡᠭᠡ ᠲᠠᠢ ᠪᠣᠭᠣᠷᠰᠣᠭ 
       ᠬᠣᠨᠢᠨ ᠮᠢᠬ᠎ᠠ ᠥᠭᠡᠬᠦ᠂ ᠰᠡᠭᠦᠯ᠂ᠰᠣᠩᠭᠢᠨ᠎ᠠ᠂ ᠵᠦᠷᠪᠠᠭ᠂ ᠨᠣᠢᠲᠠᠨ ᠭᠠ ᠨᠤᠭᠤᠳ ᠢ᠋ ᠲᠤᠰ ᠪᠦᠷᠢ ᠳ᠋ᠦ᠍ᠨᠢ ᠨᠠᠷᠢᠨ ᠬᠡᠷᠴᠢᠮᠦᠢ᠃  
       ᠳᠡᠭᠡᠷᠡᠬᠢ ᠵᠦᠢᠯ ᠦ᠋ᠳ ᠲᠦ᠍ ᠳᠠᠪᠤᠰᠤ ᠵᠢᠶᠠᠩ ᠪᠠ ᠪᠠᠭᠰᠤᠷᠭ᠎ᠠ ᠶ᠋ᠢ ᠲᠠᠯᠪᠢᠵᠤ ᠲᠡᠭᠰᠢᠬᠡᠨ ᠵᠢᠭᠤᠷᠠᠵᠤ ᠵᠢᠴᠢ ᠴᠠᠭᠠᠨ ᠭᠤᠯᠢᠷ ᠪᠠᠯ ᠢ᠋ ᠦᠷᠡᠰ ᠦ᠋ᠨ ᠲᠣᠰᠣ ᠯᠤᠭ᠎ᠠ ᠵᠢᠭᠤᠷᠠᠵᠤ ᠲᠣᠭᠣᠭᠠᠨ ᠳᠣᠲᠣᠷ᠎ᠠ ᠪᠤᠴᠠᠯᠤᠭᠰᠠᠨ ᠤᠰᠤ ᠪᠠᠷ ᠵᠢᠭᠤᠷᠠᠵᠤ ᠪᠣᠯᠭᠣᠭᠠᠳ ᠬᠠᠯᠢᠰᠤ ᠬᠢᠵᠦ ᠥᠨᠥᠬᠢ ᠢᠳᠡᠭᠡ ᠪᠡᠨ ᠪᠠᠷᠢᠮᠤᠢ᠃  

ᠲᠩᠷᠢᠯᠢᠭ ᠴᠡᠴᠡᠭ ᠦ᠋ᠨ ᠨᠣᠭᠣᠭᠠᠨ ᠪᠣᠣᠽᠢ ᠪᠤᠤᠵᠠ  
       ᠬᠣᠨᠢᠨ ᠮᠢᠬ᠎ᠠ ᠥᠭᠡᠬᠦ  ᠰᠡᠭᠦᠯ᠂ᠰᠣᠩᠭᠢᠨ᠎ᠠ᠂ ᠵᠦᠷᠪᠠᠭ᠂ ᠨᠣᠢᠲᠠᠨ ᠭᠠ ᠨᠤᠭᠤᠳ ᠢ᠋ ᠲᠤᠰ ᠪᠦᠷᠢ ᠳ᠋ᠦ᠍ᠨᠢ ᠨᠠᠷᠢᠨ ᠬᠡᠷᠴᠢᠵᠦ᠂ ᠲᠩᠷᠢᠯᠢᠭ ᠴᠡᠴᠡᠭ ᠨᠣᠭᠣᠭ᠎ᠠ  (ᠤᠲᠠᠢ ᠠᠭᠤᠯᠠᠨ᠎ᠡ ᠭᠠᠷᠳᠠᠭ ᠮᠥᠭᠥ ᠰᠢᠭ ᠨᠣᠭᠣᠭ᠎ᠠ)  ᠶ᠋ᠢ ᠪᠤᠴᠠᠯᠭᠠᠭᠰᠠᠨ ᠤᠰᠤ ᠪᠠᠷ ᠪᠣᠯᠭᠣᠭᠠᠲᠠᠯ᠎ᠠ ᠬᠠᠯᠠᠭᠠᠵᠤ ᠤᠬᠢᠶᠠᠨ ᠴᠡᠪᠡᠷᠯᠡᠭᠡᠳ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠲᠦ᠍ ᠠᠮᠲᠠ ᠶ᠋ᠢᠨ ᠨᠠᠢᠷᠠᠯᠭ᠎ᠠ ᠪᠠ ᠳᠠᠪᠤᠰᠤ ᠵᠢᠶᠠᠩ ᠲᠠᠯᠪᠢᠵᠤ ᠵᠢᠭᠤᠷᠠᠭᠠᠳ ᠢᠳᠡᠬᠦ ᠪᠣᠯᠭᠠᠨ ᠵᠢᠴᠢ ᠴᠠᠭᠠᠨ ᠭᠤᠯᠢᠷ ᠢ᠋ᠶ᠋ᠠᠷ ᠨᠢᠮᠭᠡᠨ ᠬᠠᠯᠢᠰᠤ ᠬᠦᠪᠦᠷᠯᠡᠵᠦ ᠪᠠᠷᠢᠭᠠᠳ ᠵᠢᠩᠨᠡᠮᠦᠢ᠃  

ᠵᠢᠩᠨᠡᠮᠡᠯ ᠯᠢᠩᠬᠤᠸᠠᠳᠦ ᠪᠣᠭᠣᠷᠰᠣᠭ  
       ᠬᠣᠨᠢᠨ ᠮᠢᠬ᠎ᠠ ᠭᠤᠷᠪᠠᠨ ᠮᠥᠴᠢ ᠬᠢᠭᠡᠳ ᠬᠣᠨᠢᠨ ᠰᠡᠭᠦᠯ ᠬᠣᠶᠠᠷ ᠢ᠋ ᠬᠡᠷᠴᠢᠨ᠂ ᠭᠠᠷᠠᠨᠽᠠ ᠨᠠᠢ᠍ᠮᠠ ᠯᠠᠩ᠂ ᠰᠠᠮᠤᠷ ᠤ᠋ᠨ ᠦᠷᠡᠳᠡᠰᠦ ᠨᠠᠢ᠍ᠮᠠᠨ ᠯᠠᠩ᠂  ᠪᠠᠳᠠᠨ ᠭᠦᠢᠯᠡᠰᠦ ᠶ᠋ᠢᠨ ᠴᠥᠮ᠎ᠡ ᠳᠥᠷᠪᠡᠨ ᠯᠠᠩ᠂ ᠮᠥᠭᠥ ᠨᠠᠢ᠍ᠮᠠᠨ ᠯᠠᠩ᠂  ᠭᠦᠢᠯᠡᠰᠦᠨ ᠦ᠌ ᠨᠦᠳᠦᠮᠡᠯ ᠬᠣᠭᠣᠷᠮᠠᠭ ᠨᠢᠭᠡᠨ ᠵᠢᠩ᠂ ᠬᠤᠰᠢᠭ᠎ᠠ ᠶ᠋ᠢᠨ ᠴᠥᠮ᠎ᠡ ᠨᠠᠢ᠍ᠮᠠᠨ ᠯᠠᠩ᠂ ᠪᠢᠰᠳᠠ ᠬᠡᠮᠡᠬᠦ ᠵᠢᠮᠢᠰ ᠦ᠋ᠨ ᠴᠥᠮ᠎ᠡ ᠳᠥᠷᠪᠡᠨ ᠯᠠᠩ᠂ ᠡᠩᠭᠡᠰᠬᠡ ᠨᠢᠭᠡᠨ ᠯᠠᠩ᠂ ᠵᠦᠷᠦᠷ᠎ᠠ ᠳᠥᠷᠪᠡᠨ ᠯᠠᠩ᠂ ᠦᠷᠡᠰ ᠦ᠋ᠨ ᠲᠣᠰᠣ ᠬᠣᠶᠠᠷ ᠵᠢᠩ᠂ ᠨᠣᠢᠲᠠᠨ ᠭᠠ ᠨᠠᠢ᠍ᠮᠠᠨ ᠯᠠᠩ᠂  ᠪᠤᠷᠴᠠᠭ ᠤ᠋ᠨ ᠲᠠᠯᠬ᠎ᠠ ᠳᠥᠷᠪᠡᠨ ᠵᠢᠩ᠂ ᠨᠠᠩᠭᠢ ᠴᠠᠭᠠᠨ ᠭᠤᠷᠪᠠᠨ ᠵᠢᠩ᠂ ᠲᠠᠬᠢᠶᠠᠨ ᠥᠨᠳᠡᠭᠡ ᠭᠤᠴᠢ᠂ ᠬᠣᠨᠢᠨ ᠭᠦᠵᠡᠭᠡ ᠠᠭᠤᠰᠬᠢ ᠲᠤᠰ ᠪᠦᠷᠢ ᠬᠣᠶᠠᠷ ᠪᠦᠬᠦᠯᠢ᠂ ᠥᠯᠥᠨ ᠭᠡᠳᠡᠰᠦ ᠨᠢᠭᠡᠨ ᠪᠦᠬᠦᠯᠢ᠂ ᠰᠣᠩᠭᠢᠨ᠎ᠠ ᠳᠥᠷᠪᠡᠨ ᠯᠠᠩ᠂  ᠼᠤᠤ ᠬᠠᠭᠠᠰ ᠯᠣᠩᠬᠣ᠂ ᠦᠨᠦᠷᠲᠦ ᠨᠣᠭᠣᠭᠠᠨ ᠤ᠋ ᠨᠠᠪᠴᠢ᠃  
       ᠳᠡᠭᠡᠷᠡᠬᠢ ᠵᠦᠢᠯ ᠦ᠋ᠳ ᠢ᠋ ᠳᠠᠪᠤᠰᠤ ᠵᠢᠶᠠᠩ ᠵᠡᠷᠭᠡ ᠲᠠᠪᠤᠨ ᠠᠮᠲᠠ ᠪᠠᠷ ᠨᠠᠢᠷᠠᠭᠤᠯᠤᠨ ᠪᠤᠷᠴᠠᠭ ᠤ᠋ᠨ ᠭᠤᠯᠢᠷ ᠢ᠋ᠶ᠋ᠠᠷ ᠬᠠᠯᠢᠰᠤ ᠬᠢᠵᠦ ᠪᠠᠷᠢᠭᠠᠳ ᠰᠠᠪᠠᠨ ᠳᠣᠲᠣᠷ᠎ᠠ ᠲᠠᠯᠪᠢᠵᠤ ᠵᠢᠩᠨᠡᠵᠦ᠂ ᠨᠠᠷᠠᠰᠤᠨ ᠴᠡᠴᠡᠭ ᠦ᠋ᠨ ᠲᠣᠭᠣᠰᠣᠨ ᠰᠥᠮᠥᠰᠦᠨ ᠳ᠋ᠦ᠍ᠷ ᠲᠦᠷᠢᠵᠦ ᠢᠳᠡᠮᠦᠢ᠃        (ᠲᠠᠢᠯᠪᠤᠷᠢᠯᠠᠬᠤ ᠠᠨᠤ: ᠪᠠᠳᠠᠨ ᠭᠦᠢᠯᠡᠰᠦ ᠬᠡᠮᠡᠭᠴᠢ ᠶ᠋ᠢ ᠤᠭ ᠬᠢᠲᠠᠳ ᠪᠢᠴᠢᠭ ᠲᠣᠷ ᠪᠠᠶᠠᠨ ᠭᠦᠢᠯᠡᠰᠦ ᠭᠡᠮᠡᠨ ᠪᠢᠴᠢᠵᠦ ᠪᠠᠢᠭᠰᠠᠨ ᠨᠢ ᠪᠤᠷᠤᠭᠤ ᠪᠢᠴᠢᠭᠰᠡᠨ ᠮᠠᠭᠠᠳ ᠦᠭᠡᠢ᠂ ᠯᠢ ᠱᠢ ᠵᠧᠨ ᠦ᠌ ᠡᠪᠡᠰᠦᠨ ᠡᠮ ᠦ᠋ᠨ ᠲᠣᠪᠴᠢ ᠬᠡᠮᠡᠬᠦ ᠨᠣᠮ ᠳ᠋ᠤᠷ ᠪᠠᠳᠠᠨ ᠭᠦᠢᠯᠡᠰᠦ ᠪᠣᠯᠪᠠᠯ ᠬᠣᠲᠣᠩ ᠣᠷᠣᠨ᠎ᠠ᠎ ᠠ᠋ᠴᠠ ᠭᠠᠷᠳᠠᠭ᠃ ᠲᠡᠭᠦᠨ ᠦ᠌ ᠮᠣᠳᠣ ᠨᠢ ᠭᠦᠢᠯᠡᠰᠦᠨ ᠮᠣᠳᠣ ᠯᠤᠭ᠎ᠠ ᠠᠳᠠᠯᠢᠪᠲᠤᠷ ᠪᠣᠯᠪᠠᠴᠤ᠂ ᠨᠠᠪᠴᠢ ᠨᠢ ᠪᠠᠬᠠᠨ ᠪᠠᠭ᠎ᠠ᠂ ᠴᠥᠮ᠎ᠡ ᠨᠢ ᠬᠠᠲᠠᠭᠤᠯᠢᠭ ᠪᠥᠭᠡᠳ ᠮᠢᠬ᠎ᠠ ᠨᠢ ᠨᠢᠮᠭᠡᠨ᠂ ᠡᠨᠡ ᠪᠣᠯ ᠠᠮᠲᠠᠯᠢᠭ ᠰᠠᠢᠬᠠᠨ ᠠᠮᠲᠠᠲᠠᠢ᠂ ᠴᠠᠢ ᠶ᠋ᠢᠨ ᠳᠣᠲᠣᠷ᠎ᠠ ᠲᠠᠯᠪᠢᠵᠤ ᠢᠳᠡᠬᠦᠢ ᠳ᠋ᠦ᠍ᠷ ᠰᠢᠳ ᠦ᠋ᠨ ᠠᠮᠲᠠᠲᠠᠢ  ᠬᠡᠮᠡᠪᠡ᠃  ᠵᠢᠴᠢ ᠳᠡᠭᠡᠷ᠎ᠡ ᠪᠢᠴᠢᠭᠰᠡᠨ ᠪᠢᠰᠳᠠ ᠬᠡᠮᠡᠭᠴᠢ ᠶ᠋ᠢ ᠯᠢ ᠱᠢ ᠵᠧᠨ ᠦ᠌ ᠡᠪᠡᠰᠦᠨ ᠡᠮ ᠦ᠋ᠨ ᠲᠣᠪᠴᠢ ᠬᠡᠮᠡᠬᠦ ᠨᠣᠮ ᠳ᠋ᠤᠷ᠂ ᠬᠤᠪᠢᠯᠠᠢ ᠶ᠋ᠢᠨ ᠢᠳᠡᠭᠡᠨ ᠤᠮᠳᠠᠭᠠᠨ ᠤ᠋ ᠵᠢᠩᠬᠢᠨᠢ ᠲᠣᠪᠴᠢ ᠭᠡᠳᠡᠭ ᠪᠢᠴᠢᠭ ᠲᠣᠷ᠄ ᠠᠮᠲᠠᠯᠢᠭ ᠠᠮᠲᠠ ᠲᠠᠢ ᠬᠣᠣᠷ ᠦᠭᠡᠢ᠂ ᠬᠣᠳᠣᠭᠣᠳᠣ ᠳᠡᠯᠢᠭᠦᠦ ᠶ᠋ᠢ ᠰᠠᠢᠵᠢᠷᠠᠭᠤᠯᠤᠨ ᠬᠡᠢ ᠶ᠋ᠢ ᠶᠠᠪᠤᠭᠤᠯᠵᠤ᠂ ᠡᠨᠡ ᠪᠣᠯᠪᠠᠯ ᠬᠣᠲᠠᠨ ᠣᠷᠣᠨ᠎ᠠ ᠭᠠᠷᠤᠮᠤᠢ ᠭᠡᠮᠡᠨ ᠲᠡᠮᠳᠡᠭᠯᠡᠪᠡ᠃ ᠭᠠᠭᠴᠠ ᠬᠦ ᠪᠢᠰᠳᠠ ᠭᠡᠵᠦ ᠲᠡᠮᠳᠡᠭᠯᠡᠭᠰᠡᠨ ᠡᠴᠡ ᠪᠢᠰᠢ ᠡᠭᠡᠨᠡᠭᠲᠡ ᠥᠭᠡᠷ᠎ᠡ ᠶᠠᠮᠠᠷ ᠨᠡᠷ᠎ᠡ ᠲᠡᠢ ᠪᠣᠯᠬᠤ ᠶ᠋ᠢ ᠳᠤᠷᠠᠳᠤᠭᠰᠠᠨ ᠦᠭᠡᠢ᠃) 

ᠬᠠᠷ᠎ᠠ ᠬᠦᠨᠵᠢᠳ ᠲᠡᠢ ᠱᠣᠣᠪᠢᠩ(ᠬᠠᠭᠰᠠᠭᠠᠮᠠᠯ ᠪᠣᠭᠣᠷᠰᠣᠭ) 
       ᠴᠠᠭᠠᠨ ᠭᠤᠯᠢᠷ ᠲᠠᠪᠤᠨ ᠵᠢᠩ᠂ ᠦᠨᠢᠶᠡᠨ ᠦ᠌ ᠰᠦ ᠬᠣᠶᠠᠷ ᠱᠧᠩ᠂ ᠰᠢᠷ᠎ᠠ ᠲᠣᠰᠣ ᠨᠢᠭᠡ ᠵᠢᠩ᠂ ᠬᠠᠷ᠎ᠠ ᠭᠦᠨᠵᠢᠳ ᠨᠢᠭᠡᠨ ᠯᠠᠩ ᠢ᠋ ᠪᠠᠬᠠᠨ ᠬᠠᠭᠤᠷᠴᠤ᠃ 
       ᠳᠡᠭᠡᠷᠡᠬᠢ ᠵᠦᠢᠯ ᠢ᠋ ᠥᠴᠦᠬᠡᠨ ᠲᠡᠳᠦᠢ ᠳᠠᠪᠤᠰᠤ ᠬᠤᠵᠢᠷ ᠯᠤᠭ᠎ᠠ ᠨᠡᠢᠯᠡᠭᠦᠯᠦᠨ ᠭᠤᠯᠢᠷ ᠤ᠋ᠨ ᠬᠠᠮᠲᠤ ᠨᠤᠬᠤᠭᠠᠳ ᠬᠠᠭᠰᠠᠭᠠᠮᠠᠯ ᠪᠣᠭᠣᠷᠰᠣᠭ ᠬᠢᠮᠦᠢ᠃ 

ᠦᠨᠢᠶᠡᠨ ᠰᠦ ᠶ᠋ᠢᠨ ᠱᠣᠣᠪᠢᠩ   
       ᠴᠠᠭᠠᠨ ᠭᠤᠯᠢᠷ ᠲᠠᠪᠤᠨ ᠵᠢᠩ᠂ ᠦᠨᠢᠶᠡᠨ ᠰᠦ ᠬᠣᠶᠠᠷ ᠱᠧᠩ᠂ ᠰᠢᠷ᠎ᠠ ᠲᠣᠰᠣ ᠨᠢᠭᠡ  ᠵᠢᠩ᠂ ᠪᠠᠳᠮᠠᠭ᠎ᠠ ᠨᠢᠭᠡᠨ ᠯᠠᠩ ᠢ᠋ ᠪᠠᠬᠠᠨ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠥᠴᠦᠬᠡᠨ ᠬᠡᠮᠵᠢᠶᠡᠨ ᠦ᠌ ᠳᠠᠪᠤᠰᠤ ᠬᠤᠵᠢᠷ ᠯᠤᠭ᠎ᠠ ᠨᠡᠢᠯᠡᠭᠦᠯᠵᠦ᠂ ᠭᠤᠯᠢᠷ ᠤ᠋ᠨ ᠬᠠᠮᠲᠤ ᠨᠤᠬᠤᠭᠠᠳ ᠱᠣᠣᠪᠢᠩ  ᠬᠢᠮᠦᠢ᠃ 

ᠵᠢᠩᠨᠡᠮᠡᠯ ᠪᠣᠭᠣᠷᠰᠣᠭ  
       ᠴᠠᠭᠠᠨ ᠭᠤᠯᠢᠷ ᠠᠷᠪᠠᠨ ᠵᠢᠩ᠂ᠦᠷᠡᠰ ᠦ᠋ᠨ ᠲᠣᠰᠣ ᠨᠢᠭᠡᠨ ᠵᠢᠩ᠂ ᠶᠧᠷᠮ᠎ᠠ ᠨᠢᠭᠡᠨ ᠯᠠᠩ ᠢ᠋ ᠬᠠᠭᠤᠷᠴᠤ᠂  ᠴᠢᠭᠢᠭ ᠢ᠋ ᠢᠨᠦ ᠭᠠᠷᠭᠠᠨ  ᠪᠠᠳᠮᠠᠭ᠎ᠠ ᠨᠢᠭᠡᠨ ᠯᠠᠩ ᠢ᠋ ᠬᠠᠭᠤᠷᠤᠮᠤᠢ᠃ 
       ᠳᠡᠭᠡᠷᠡᠬᠢ ᠵᠦᠢᠯ ᠦ᠋ᠳ ᠢ᠋ ᠲᠦᠷᠦᠭᠦᠦ ᠰᠥᠨᠢ ᠳ᠋ᠦ᠍ ᠪᠡᠨ ᠢᠰᠬᠡᠭᠦᠷ ᠬᠥᠷᠥᠩᠭᠡ ᠪᠠ ᠳᠠᠪᠤᠰᠤ ᠬᠤᠵᠢᠷ ᠯᠤᠭ᠎ᠠ ᠨᠡᠢᠯᠡᠭᠦᠯᠦᠨ ᠪᠦᠯᠢᠶᠡᠨ ᠤᠰᠤ ᠪᠠᠷ ᠨᠤᠬᠤᠵᠤ ᠲᠠᠯᠪᠢᠮᠤᠢ᠃ ᠳᠠᠷᠠᠭ᠎ᠠ ᠡᠳᠦᠷ ᠢᠨᠤ: ᠭᠤᠯᠢᠷ ᠨᠡᠮᠡᠵᠦ ᠵᠢᠴᠢ ᠰᠠᠢᠲᠤᠷ ᠨᠤᠬᠤᠵᠤ ᠲᠣᠬᠢᠷᠠᠭᠤᠯᠤᠭᠠᠳ ᠨᠢᠭᠡ ᠵᠢᠩ ᠢ᠋ᠶ᠋ᠡᠷ ᠬᠣᠶᠠᠷ ᠪᠣᠭᠣᠷᠰᠣᠭ ᠪᠠᠷᠢᠵᠤ᠂ ᠵᠢᠩᠨᠡᠭᠦᠷ ᠲᠣᠷ ᠲᠠᠯᠪᠢᠵᠤ ᠵᠢᠩᠨᠡᠮᠦᠢ᠃  

ᠪᠣᠷᠪᠢ ᠶ᠋ᠢᠨ ᠶᠠᠰᠤᠨ ᠤ᠋ ᠱᠥᠯᠥ   
       ᠡᠨᠡ ᠢᠨᠦ ᠭᠣᠣᠯᠳᠠᠭᠤ ᠡᠷᠡᠭᠲᠡᠢ ᠡᠮᠡᠭᠲᠡᠢ ᠶ᠋ᠢᠨ ᠲᠠᠮᠢᠷ ᠳᠣᠷᠣᠢ ᠰᠠᠪᠠ ᠶ᠋ᠢᠨ ᠬᠦᠢᠲᠡᠨ ᠢ᠋ᠶ᠋ᠡᠷ ᠲᠤᠷᠠᠩᠬᠠᠢ ᠪᠣᠯᠵᠤ᠂ ᠪᠥᠭᠡᠷ᠎ᠡ ᠶ᠋ᠢᠨ ᠲᠠᠮᠢᠷ ᠪᠠᠭᠤᠷᠠᠭᠰᠠᠨ ᠢ᠋ ᠵᠠᠰᠠᠵᠤ᠂ ᠴᠢᠰᠤᠨ ᠰᠤᠳᠠᠯ ᠢ᠋ ᠰᠠᠢᠵᠢᠷᠠᠭᠤᠯᠤᠨ ᠰᠠᠷ᠎ᠠ ᠶ᠋ᠢᠨ ᠭᠬᠢᠷ ᠢ᠋ ᠲᠡᠭᠰᠢᠳᠬᠡᠮᠦᠢ᠃ 
       ᠬᠣᠨᠢ ᠶ᠋ᠢᠨ ᠪᠣᠷᠪᠢ ᠶ᠋ᠢᠨ ᠶᠠᠰᠤ ᠭᠤᠴᠢ ᠳᠥᠴᠢ ᠶ᠋ᠢ ᠤᠰᠤᠨ ᠳ᠋ᠤᠷ ᠴᠡᠪᠡᠷᠯᠡᠨ ᠤᠬᠢᠶᠠᠮᠤᠢ᠃ 
       ᠳᠡᠭᠡᠷᠡᠬᠢ ᠵᠦᠢᠯ ᠢ᠋ ᠬᠣᠷᠪᠣ ᠲᠣᠭᠣᠭᠠᠨ ᠳ᠋ᠤᠷ ᠪᠤᠴᠠᠯᠭᠠᠨ ᠰᠥᠮᠥᠰᠦ ᠢᠨᠦ ᠳᠥᠷᠪᠡᠨ ᠦ᠌ ᠨᠢᠭᠡ ᠬᠤᠪᠢ ᠥᠯᠳᠡᠲᠡᠯ᠎ᠡ ᠪᠤᠴᠠᠯᠭᠠᠭᠠᠳ ᠲᠣᠰᠣ ᠪᠠ ᠰᠢᠭᠠᠷᠤ ᠶ᠋ᠢ ᠱᠦᠭᠦᠵᠦ ᠬᠠᠶᠠᠨ᠂ ᠲᠤᠩᠭᠠᠯᠠᠭ ᠰᠥᠮᠥᠰᠦ ᠶ᠋ᠢ ᠨᠢ ᠴᠠᠷᠴᠠᠭᠠᠵᠤ ᠲᠠᠯᠪᠢᠭᠠᠳ ᠢᠳᠡᠬᠦ ᠳᠤᠷᠠᠲᠠᠢ ᠦᠶ᠎ᠡ ᠳ᠋ᠡᠭᠡᠨ ᠢᠯᠡᠭᠦᠦ ᠳᠤᠲᠠᠭᠤ ᠢᠳᠡᠵᠦ ᠴᠥᠮ ᠪᠣᠯᠤᠮᠤᠢ᠃ 

ᠮᠢᠬᠠᠨ ᠤ᠋ ᠱᠥᠭᠦᠰᠦᠨ       
       ᠡᠨᠡ ᠢᠨᠦ ᠲᠠᠪᠤᠨ ᠬᠥᠨᠥᠭᠡᠯ ᠳᠣᠯᠣᠭᠠᠨ ᠭᠡᠮᠲᠦᠯ ᠪᠠ ᠴᠤᠯᠤ ᠰᠠᠪᠠ ᠶ᠋ᠢᠨ ᠬᠦᠢᠲᠡᠨ ᠬᠡᠢ ᠶ᠋ᠢ ᠵᠠᠰᠠᠳᠠᠭ ᠶᠤᠮ᠃ ᠬᠡᠷᠪᠡ ᠦᠷᠭᠦᠯᠵᠢ ᠤᠤᠭᠤᠪᠠᠰᠤ ᠰᠠᠪᠠ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃ 
       ᠡᠭᠦᠨ ᠳ᠋ᠦ᠍ ᠬᠣᠨᠢ ᠶ᠋ᠢᠨ ᠬᠣᠢᠲᠤ ᠬᠥᠯ ᠨᠢᠭᠡ ᠶ᠋ᠢ ᠰᠢᠷᠪᠥᠰᠥ ᠨᠦ᠍ᠭᠦᠳ ᠢ᠋ ᠠᠪᠴᠤ ᠬᠠᠶᠠᠭᠠᠳ ᠵᠢᠵᠢᠭ ᠬᠡᠰᠡᠭ ᠪᠣᠯᠭᠠᠨ ᠬᠡᠷᠴᠢᠮᠦᠢ᠃ 
       ᠳᠡᠭᠡᠷᠡᠬᠢ ᠵᠦᠢᠯ ᠢ᠋ ᠴᠡᠪᠡᠷ ᠲᠣᠭᠣᠭᠠᠨ ᠳ᠋ᠤᠷ ᠲᠠᠯᠪᠢᠵᠤ ᠬᠠᠲᠠᠩᠭᠢᠷᠠᠨ ᠰᠢᠯᠵᠢᠷᠡᠲᠡᠯ᠎ᠡ ᠴᠢᠨᠠᠵᠤ ᠪᠣᠯᠭᠣᠬᠤ ᠳ᠋ᠠᠭᠠᠨ ᠲᠣᠭᠣᠭ᠎ᠠ ᠶ᠋ᠢ ᠪᠡᠨ ᠬᠡᠢ ᠨᠠᠪᠲᠠᠷᠠᠯ ᠦᠭᠡᠢ ᠨᠢᠭᠲᠠ ᠪᠦᠲᠡᠭᠡᠵᠦ᠂ ᠰᠡᠭᠦᠯᠡᠷ  ᠢᠨᠦ ᠴᠡᠪᠡᠷ ᠪᠥᠰ ᠢ᠋ᠶ᠋ᠡᠷ ᠪᠠᠭᠯᠠᠭᠠᠳ ᠮᠤᠰᠬᠢᠨ ᠨᠤᠬᠤᠯᠬᠢᠯᠠᠵᠤ ᠪᠠᠢᠭᠠᠳ ᠰᠢᠭᠦᠰᠦ ᠶ᠋ᠢ ᠰᠢᠪᠬᠠᠵᠤ ᠠᠪᠤᠮᠤᠢ᠃ 
       (ᠲᠠᠢᠯᠪᠤᠷᠢᠯᠠᠬᠤ ᠠᠨᠤ ᠲᠠᠪᠤᠨ ᠬᠥᠨᠥᠭᠡᠯ ᠳᠣᠯᠣᠭᠠᠨ ᠭᠡᠮᠲᠦᠯ ᠬᠡᠮᠡᠭᠴᠢ ᠢᠨᠤ ᠵᠢᠷᠦᠬᠡ᠂ ᠡᠯᠢᠭᠡ᠂ᠳᠡᠯᠢᠭᠦᠦ᠂ ᠠᠭᠤᠰᠬᠢ ᠪᠠ ᠪᠥᠭᠡᠷ᠎ᠡ ᠨᠦ᠍ᠭᠦᠳ ᠦ᠋ᠨ ᠡᠪᠡᠳᠴᠢᠯᠡᠭᠰᠡᠨ ᠡᠴᠡ ᠪᠣᠯᠤᠭᠰᠠᠨ ᠬᠣᠬᠢᠷᠠᠯ ᠬᠥᠨᠥᠭᠡᠯ ᠢ᠋ ᠬᠡᠯᠡᠭᠰᠡᠨ ᠪᠣᠯᠠᠢ᠃ ᠥᠭᠡᠷ᠎ᠡ ᠪᠡᠷ ᠬᠡᠯᠡᠪᠡᠰᠦ  ᠵᠢᠷᠦᠬᠡᠨ ᠦ᠌ ᠠᠷᠬᠠᠭ ᠢ᠋ᠶ᠋ᠠᠷ ᠴᠢᠰᠤ ᠬᠥᠨᠥᠭᠡᠭᠳᠡᠬᠦ᠂ ᠡᠯᠢᠭᠡᠨ ᠦ᠌ ᠠᠷᠬᠠᠭ ᠢ᠋ᠶ᠋ᠠᠷ ᠵᠢᠪᠬᠤᠯᠠᠩ ᠬᠥᠨᠥᠭᠡᠭᠳᠡᠬᠦ᠂ ᠳᠡᠯᠢᠭᠦᠦ ᠶ᠋ᠢᠨ ᠠᠷᠬᠠᠭ ᠢ᠋ᠶ᠋ᠠᠷ ᠢᠳᠡᠭᠡᠨ ᠬᠥᠨᠥᠭᠡᠭᠳᠡᠬᠦ᠂ ᠠᠭᠤᠰᠬᠢᠨ ᠤ᠋ ᠠᠷᠬᠠᠭ ᠢ᠋ᠶ᠋ᠠᠷ ᠬᠡᠢ ᠬᠥᠨᠥᠭᠡᠭᠳᠡᠬᠦ᠂ ᠪᠥᠭᠡᠷᠡᠨ ᠦ᠌ ᠠᠷᠬᠠᠭ ᠢ᠋ᠶ᠋ᠠᠷ ᠳᠤᠰᠤᠯ ᠬᠥᠨᠥᠭᠡᠭᠳᠡᠬᠦ᠂ ᠪᠠᠰᠠ ᠬᠢᠲᠠᠳ ᠠᠨᠠᠭᠠᠬᠤ ᠤᠬᠠᠭᠠᠨ ᠤ᠋ ᠵᠠᠷᠢᠮ ᠪᠢᠴᠢᠭ ᠲᠣᠷ ᠥᠭᠦᠯᠡᠭᠰᠡᠨ ᠢᠨᠤ: ᠤᠳᠠᠲᠠᠯ᠎ᠠ ᠬᠠᠷᠠᠪᠠᠰᠤ ᠴᠢᠰᠤ ᠶ᠋ᠢ ᠭᠡᠮᠲᠦᠭᠡᠮᠦᠢ᠂ ᠤᠳᠠᠲᠠᠯ᠎ᠠ ᠬᠡᠪᠲᠡᠪᠡᠰᠦ ᠲᠠᠮᠢᠷ ᠢ᠋ ᠭᠡᠮᠲᠦᠭᠡᠮᠦᠢ᠂ ᠤᠳᠠᠲᠠᠯ᠎ᠠ ᠰᠠᠭᠤᠪᠠᠰᠤ ᠮᠢᠬ᠎ᠠ ᠶ᠋ᠢ ᠭᠡᠮᠲᠦᠭᠡᠮᠦᠢ᠂  ᠤᠳᠠᠲᠠᠯ᠎ᠠ ᠵᠣᠭᠰᠣᠪᠠᠰᠤ ᠶᠠᠰᠤ ᠶ᠋ᠢ ᠭᠡᠮᠲᠦᠭᠡᠮᠦᠢ᠂ ᠤᠳᠠᠲᠠᠯ᠎ᠠ ᠠᠯᠬᠤᠪᠠᠰᠤ ᠰᠢᠷᠪᠥᠰᠥ ᠶ᠋ᠢ ᠭᠡᠮᠲᠦᠭᠡᠮᠦᠢ᠃
       ᠳᠣᠯᠣᠭᠠᠨ ᠭᠡᠮᠲᠦᠯ ᠬᠡᠮᠡᠭᠴᠢ ᠄ ᠨᠢᠭᠡ ᠳ᠋ᠦ᠍ ᠬᠡᠲᠦᠷᠬᠡᠢ ᠴᠠᠳᠪᠠᠰᠤ ᠳᠡᠯᠢᠭᠦᠦ ᠶ᠋ᠢ ᠭᠡᠮᠲᠦᠭᠡᠮᠦᠢ᠂ ᠬᠣᠶᠠᠷ ᠲᠤ᠌ ᠶᠡᠬᠡ ᠬᠢᠯᠢᠩᠯᠡᠪᠡᠰᠦ ᠬᠡᠢ ᠠᠭᠰᠠᠵᠤ ᠡᠯᠢᠭᠡ ᠶ᠋ᠢ ᠭᠡᠮᠲᠦᠭᠡᠮᠦᠢ᠂ ᠭᠤᠷᠪᠠ ᠳ᠋ᠤ᠌ ᠬᠦᠴᠦᠯᠡᠨ ᠬᠦᠨᠳᠦ ᠶ᠋ᠢ ᠡᠷᠭᠦᠬᠦ ᠪᠤᠶᠤ ᠤᠳᠠᠲᠠᠯ᠎ᠠ ᠨᠣᠢᠲᠠᠨ ᠭᠠᠵᠠᠷ  ᠰᠠᠭᠤᠪᠠᠰᠤ ᠪᠥᠭᠡᠷ᠎ᠡ ᠶ᠋ᠢ ᠭᠡᠮᠲᠦᠭᠡᠮᠦᠢ᠂ ᠳᠥᠷᠪᠡ ᠳ᠋ᠦ᠍ ᠬᠡᠲᠦᠷᠬᠡᠢ ᠲᠠᠭᠠᠷᠠᠵᠤ ᠪᠡᠭᠡᠷᠡᠬᠦ ᠪᠤᠶᠤ ᠬᠦᠢᠲᠡᠨ ᠤᠮᠳᠠᠭᠠᠨ ᠢ᠋ ᠤᠤᠭᠤᠪᠠᠰᠤ ᠠᠭᠤᠰᠬᠢ ᠠᠭᠤᠰᠬᠢ ᠶ᠋ᠢ ᠭᠡᠮᠲᠦᠭᠡᠮᠦᠢ᠂ ᠲᠠᠪᠤ ᠳ᠋ᠤ᠌ ᠰᠠᠨᠠᠭ᠎ᠠ ᠰᠡᠳᠬᠢᠯ ᠬᠡᠲᠦᠷᠬᠡᠢ ᠵᠣᠪᠠᠵᠤ ᠳᠡᠩᠳᠡᠭᠦᠦ ᠪᠣᠳᠣᠯᠬᠢᠯᠠᠨ ᠰᠠᠨᠠᠭᠠᠯᠵᠠᠪᠠᠰᠤ ᠵᠢᠷᠦᠬᠡ ᠶ᠋ᠢ ᠭᠡᠮᠲᠦᠭᠡᠮᠦᠢ᠂ ᠵᠢᠷᠭᠤᠭ᠎ᠠ ᠳ᠋ᠤ᠌  ᠪᠣᠷᠣᠭᠠᠨ ᠰᠠᠯᠬᠢᠨ ᠬᠠᠯᠠᠭᠤᠨ ᠬᠦᠢᠲᠡᠨ ᠳ᠋ᠦ᠍ ᠪᠡᠶ᠎ᠡ ᠶ᠋ᠢ ᠭᠡᠮᠲᠦᠭᠡᠮᠦᠢ᠂ ᠳᠣᠯᠣᠭ᠎ᠠ ᠳ᠋ᠤ᠌ ᠠᠰᠤᠷᠤ ᠶᠡᠬᠡ ᠠᠶᠤᠵᠤ ᠰᠣᠴᠢᠵᠤ᠂ ᠲᠡᠰᠴᠦ ᠶᠠᠳᠠᠪᠠᠰᠤ ᠵᠣᠷᠢᠭ ᠢ᠋ ᠭᠡᠮᠲᠦᠭᠡᠮᠦᠢ ᠬᠡᠮᠡᠵᠦᠬᠦᠢ᠃ ᠡᠨᠡ ᠢᠨᠦ ᠬᠢᠲᠠᠳ ᠠᠨᠠᠭᠠᠬᠤ ᠤᠬᠠᠭᠠᠨ ᠤ᠋ ᠣᠨᠣᠯ ᠮᠥᠨ ᠪᠥᠭᠡᠳ ᠲᠠᠰᠢᠷᠠᠮ ᠳ᠋ᠤ᠌ ᠳᠠᠭᠠᠯᠳᠤᠭᠤᠯᠤᠨ ᠪᠢᠴᠢᠵᠦ ᠲᠠᠨᠢᠯᠴᠠᠭᠤᠯᠤᠭᠰᠠᠨ ᠢ᠋ ᠤᠩᠰᠢᠭᠴᠢ ᠮᠡᠷᠭᠡᠳ ᠲᠣᠯᠢᠯᠠᠮᠤ — ᠣᠷᠴᠢᠭᠤᠯᠤᠭᠴᠢ ᠠ᠋ᠴᠠ)  

         ᠦᠰᠦᠭ ᠠᠮᠢᠯᠠᠭᠤᠯᠤᠭᠰᠠᠨ ᠨᠢ ᠄ ᠭᠠᠸᠠ 
           ᠬᠢᠨᠠᠭᠴᠢ ᠄ ᠲᠤᠭᠴᠢ ᠰᠠᠷᠠᠨ᠎ᠠ