ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠤᠳ᠋-ᠡᠷᠬᠢᠮ ᠨᠠᠢᠷᠠᠯᠭᠠᠳᠤ ᠢᠳᠡᠭᠡᠨ ᠤᠮᠳᠠᠭᠠᠨ–5 Идээ ундааны жинхэнэ товч–Хүсэхүй᠂ Хөхлуу нар – 1-р Эрхэм найрлагат итгэн ундаа- 5 ᠢᠳᠡᠭᠡᠨ ᠤᠮᠳᠠᠭᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠤᠳ᠋-ᠡᠷᠬᠢᠮ ᠨᠠᠢᠷᠠᠯᠭᠠᠳᠤ ᠢᠳᠡᠭᠡᠨ ᠤᠮᠳᠠᠭᠠᠨ–5 Идээ ундааны жинхэнэ товч–Хүсэхүй᠂ Хөхлуу нар – 1-р Эрхэм найрлагат итгэн ундаа- 5

ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠤᠳ᠋-ᠡᠷᠬᠢᠮ ᠨᠠᠢᠷᠠᠯᠭᠠᠳᠤ ᠢᠳᠡᠭᠡᠨ ᠤᠮᠳᠠᠭᠠᠨ–5 Идээ ундааны жинхэнэ товч–Хүсэхүй᠂ Хөхлуу нар – 1-р Эрхэм найрлагат итгэн ундаа- 5

2026-04-15

29

ᠡᠷᠬᠢᠮ ᠨᠠᠢᠷᠠᠯᠭᠠᠳᠤ ᠢᠳᠡᠭᠡᠨ ᠤᠮᠳᠠᠭᠠᠨ–5


ᠵᠢᠭᠠᠰᠤᠨ ᠮᠢᠬᠠᠨ ᠪᠥᠮᠪᠥᠭᠡᠯᠢᠭ 
       ᠪᠦᠳᠦᠭᠦᠨ ᠮᠥᠷᠭᠥ ᠵᠢᠭᠠᠰᠤ ᠠᠷᠪᠠ ᠶ᠋ᠢ ᠠᠷᠠᠰᠤ ᠶᠠᠰᠤ ᠲᠣᠯᠣᠭᠠᠢ ᠰᠡᠭᠦᠯ ᠢ᠋ ᠢᠨᠦ ᠠᠪᠴᠤ ᠬᠠᠶᠠᠭᠠᠳ ᠬᠣᠨᠢᠨ ᠰᠡᠭᠦᠯ ᠬᠣᠶᠠᠷ ᠪᠦᠬᠦᠯᠢ ᠯᠦ᠍ᠭᠡ ᠬᠠᠮᠲᠤ ᠳ᠋ᠤ᠌ ᠨᠢ ᠨᠢᠴᠠᠷᠠᠲᠠᠯ᠎ᠠ ᠬᠡᠷᠴᠢᠯᠬᠢᠯᠡᠨ᠂ ᠨᠣᠢᠲᠠᠨ ᠭᠠ ᠨᠢᠭᠡᠨ ᠯᠠᠩ ᠪᠠ ᠰᠣᠩᠭᠢᠨ᠎ᠠ ᠬᠣᠶᠠᠷ ᠯᠠᠩ ᠢ᠋ ᠲᠤᠰ ᠪᠦᠷᠢ ᠳ᠋ᠦ᠍ ᠨᠢ ᠨᠠᠷᠢᠨ ᠬᠡᠷᠴᠢᠵᠦ᠂ ᠵᠦᠷᠪᠠᠭ ᠤ᠋ᠨ ᠲᠠᠯᠬ᠎ᠠ ᠭᠤᠷᠪᠠᠨ ᠴᠢᠨ᠂ ᠨᠠᠯᠢᠱᠠᠮ ᠤ᠋ᠨ ᠲᠠᠯᠬ᠎ᠠ ᠨᠢᠭᠡᠨ ᠯᠠᠩ᠂ ᠬᠠᠰᠢᠨᠢ (ᠰᠢᠩᠭᠦᠨ) ᠬᠣᠶᠠᠷ ᠴᠢᠨ᠃ 
       ᠳᠡᠭᠡᠷᠡᠬᠢ ᠵᠦᠢᠯ ᠦ᠋ᠳ ᠢ᠋ ᠳᠠᠪᠤᠰᠤ ᠲᠠᠢ ᠨᠠᠢᠷᠠᠭᠤᠯᠤᠭᠠᠳ ᠵᠢᠭᠠᠰᠤᠨ ᠮᠢᠬ᠎ᠠ ᠲᠠᠢ ᠪᠠᠨ ᠲᠡᠭᠰᠢᠬᠡᠨ ᠵᠢᠭᠤᠷᠠᠵᠤ᠂ ᠪᠥᠮᠪᠥᠯᠢᠭ ᠪᠣᠯᠭᠠᠨ ᠪᠦᠮᠪᠦᠯᠢᠭ᠌ᠳᠡᠵᠤ ᠦᠷᠡᠰ ᠦ᠋ᠨ ᠲᠣᠰᠣᠨ ᠳ᠋ᠤᠷ ᠪᠤᠴᠠᠯᠭᠠᠮᠤᠢ᠃  

ᠴᠠᠴᠤᠭᠲᠤ ᠲᠠᠬᠢᠶ᠎ᠠ ᠶ᠋ᠢᠨ ᠵᠣᠭᠣᠰᠢ 
       ᠲᠠᠬᠢᠶ᠎ᠠ ᠠᠷᠪᠠ ᠶ᠋ᠢ ᠴᠢᠨᠠᠵᠤ ᠪᠣᠯᠭᠣᠭᠠᠳ ᠬᠡᠰᠡᠭᠯᠡᠨ ᠬᠡᠷᠴᠢᠵᠦ᠂ ᠬᠣᠨᠢᠨ ᠤ᠋ ᠭᠦᠵᠡᠭᠡ ᠠᠭᠤᠰᠬᠢ ᠲᠤᠰ ᠪᠦᠷᠢ ᠨᠢᠭᠡ ᠶ᠋ᠢ ᠪᠣᠯᠭᠣᠭᠠᠳ ᠮᠥᠨ ᠬᠡᠷᠴᠢᠵᠦ᠂ ᠨᠣᠢᠲᠠᠨ ᠭᠠ ᠳᠥᠷᠪᠡᠨ ᠯᠠᠩ ᠢ᠋ ᠬᠡᠷᠴᠢᠨ᠂ ᠰᠢᠷ᠎ᠠ ᠯᠤᠤᠪᠠᠩ ᠠᠷᠪᠠ ᠶ᠋ᠢ ᠬᠡᠷᠴᠢᠨ᠂ ᠲᠠᠬᠢᠶᠠᠨ ᠥᠨᠳᠡᠭᠡ ᠬᠣᠷᠢ ᠶ᠋ᠢ ᠬᠤᠢᠮᠠᠭ ᠬᠠᠭᠠᠷᠢᠭᠠᠳ ᠬᠤᠸᠠᠷᠯᠢᠭ ᠶᠠᠩᠵᠤ ᠲᠠᠢ ᠪᠣᠯᠭᠠᠨ ᠪᠠᠵᠠᠭᠠᠵᠤ᠂ ᠤᠯᠠᠭᠠᠨ ᠦᠨᠳᠦᠰᠦᠲᠦ ᠦᠨᠦᠷᠲᠦ ᠨᠣᠭᠣᠭ᠎ᠠ ᠶ᠋ᠢ ᠵᠢᠵᠢᠭᠯᠡᠨ ᠬᠡᠮᠬᠡᠴᠢᠨ᠂ ᠡᠩᠭᠡᠰᠬᠡ ᠵᠦᠷᠦᠷ᠎ᠠ ᠪᠠᠷ ᠪᠣᠳᠣᠭ ᠪᠣᠯᠭᠠᠵᠤ ᠭᠦᠢᠯᠡᠰᠦᠨ ᠨᠦᠳᠦᠮᠡᠯ ᠬᠣᠭᠣᠷᠮᠠᠭ ᠨᠢᠭᠡᠨ ᠵᠢᠩ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠤ᠋ ᠱᠥᠯᠥ ᠬᠢᠭᠡᠳ ᠬᠠᠭᠤᠷᠤᠭᠰᠠᠨ ᠰᠣᠩᠭᠢᠨ᠎ᠠ ᠼᠤᠤ ᠲᠠᠢ ᠨᠠᠢᠷᠠᠭᠤᠯᠤᠮᠤᠢ᠃  

ᠮᠢᠬᠠᠨ ᠪᠣᠭᠣᠷᠰᠣᠭ 
       ᠬᠣᠨᠢ ᠶ᠋ᠢᠨ ᠬᠠᠷ᠎ᠠ ᠮᠢᠬ᠎ᠠ ᠠᠷᠪᠠᠨ ᠵᠢᠩ ᠦ᠋ᠨ ᠥᠭᠡᠬᠦ ᠵᠤᠯᠤᠮ᠎ᠠ ᠪᠠ ᠰᠢᠷᠪᠥᠰᠥ ᠰᠢᠨᠳᠠᠰᠤ ᠶ᠋ᠢ ᠠᠨᠤ ᠠᠪᠴᠤ ᠬᠠᠶᠠᠭᠠᠳ ᠨᠢᠴᠠᠷᠠᠲᠠᠯ᠎ᠠ ᠬᠡᠷᠴᠢᠯᠬᠢᠯᠡᠵᠦ᠂ ᠰᠢᠩᠭᠦᠨ ᠭᠤᠷᠪᠠᠨ ᠴᠢᠨ᠂ ᠨᠠᠯᠢᠱᠠᠮ ᠬᠣᠶᠠᠷ ᠯᠠᠩ᠂ ᠪᠢᠪᠢᠯᠢᠩ ᠨᠢᠭᠡᠨ ᠯᠠᠩ᠂ ᠦᠰᠦ᠋ ᠶ᠋ᠢᠨ ᠲᠠᠯᠬ᠎ᠠ ᠨᠢᠭᠡᠨ ᠯᠠᠩ᠃ 
       ᠳᠡᠭᠡᠷᠡᠬᠢ ᠵᠦᠢᠯ ᠦ᠋ᠳ ᠢ᠋ ᠳᠠᠪᠤᠰᠤ ᠲᠠᠢ ᠨᠠᠢᠷᠠᠭᠤᠯᠤᠭᠠᠳ ᠬᠠᠪᠲᠠᠭᠠᠢ ᠪᠣᠭᠣᠷᠰᠣᠭ ᠪᠣᠯᠭᠠᠨ ᠪᠠᠷᠢᠵᠤ ᠦᠷᠡᠰ ᠦ᠋ᠨ ᠲᠣᠰᠣᠨ ᠳ᠋ᠤᠷ ᠬᠢᠵᠦ ᠪᠤᠴᠠᠯᠭᠠᠮᠤᠢ᠃  

ᠳᠠᠪᠤᠰᠤᠯᠢᠭ ᠭᠡᠳᠡᠰᠦ 
       ᠬᠣᠨᠢᠨ ᠤ᠋ ᠥᠯᠥᠨ ᠭᠡᠳᠡᠰᠦ ᠶ᠋ᠢ ᠤᠰᠤᠨ ᠳ᠋ᠤᠷ ᠴᠡᠪᠡᠷᠯᠡᠨ ᠤᠬᠢᠶᠠᠮᠤᠢ᠃ 
       ᠳᠡᠭᠡᠷᠡᠬᠢ ᠵᠦᠢᠯ ᠢ᠋ ᠳᠠᠪᠤᠰᠤ ᠲᠠᠢ ᠲᠡᠭᠰᠢᠬᠡᠨ ᠬᠤᠳᠬᠤᠭᠠᠳ ᠰᠠᠯᠬᠢᠨ ᠦᠵᠡᠭᠦᠯᠵᠦ ᠡᠭᠰᠢᠭᠡᠭᠰᠡᠨ ᠦ᠌ ᠳᠠᠷᠠᠭ᠎ᠠ ᠦᠷᠡᠰ ᠦ᠋ᠨ ᠲᠤᠰᠤᠨ᠎ᠠ ᠬᠢᠵᠦ ᠪᠤᠴᠠᠯᠭᠠᠮᠤᠢ᠃  

ᠬᠣᠨᠢᠨ ᠲᠠᠷᠢᠬᠢ ᠶ᠋ᠢᠨ ᠵᠤᠭᠤᠰᠢ 
       ᠪᠣᠯᠭᠣᠭᠰᠠᠨ ᠬᠣᠨᠢᠨ ᠲᠣᠯᠣᠭᠠᠢ ᠬᠣᠶᠠᠷ ᠢ᠋ ᠨᠢᠮᠭᠡᠨ ᠬᠡᠷᠴᠢᠵᠦ᠂ ᠲᠠᠬᠢᠶᠠᠨ ᠥᠨᠳᠡᠭᠡ ᠬᠣᠷᠢ ᠶ᠋ᠢ ᠪᠣᠯᠭᠣᠭᠠᠨ᠎ᠠ᠃ 
       ᠳᠡᠭᠡᠷᠡᠬᠢ ᠵᠦᠢᠯ ᠢ᠋ ᠣᠯᠠᠨ ᠲᠥᠷᠥᠯ ᠦ᠋ᠨ ᠲᠦᠭᠦᠬᠡᠢ ᠨᠣᠭᠣᠭ᠎ᠠ ᠶ᠋ᠢᠨ ᠬᠠᠮᠲᠤ ᠬᠠᠪᠲᠠᠭᠠᠢ ᠪᠣᠭᠣᠷᠰᠣᠭ ᠲᠤᠷ ᠣᠷᠢᠶᠠᠵᠤ ᠢᠳᠡᠮᠦᠢ᠃  

ᠰᠢᠷ᠎ᠠ ᠭᠠ ᠶ᠋ᠢᠨ ᠵᠢᠭᠠᠰᠤ 
       ᠮᠥᠷᠭᠥ ᠵᠢᠭᠠᠰᠤ ᠠᠷᠪᠠ ᠶ᠋ᠢᠨ ᠠᠷᠠᠰᠤ ᠬᠠᠢᠷᠰᠤ ᠶ᠋ᠢ ᠠᠨᠤ ᠠᠷᠢᠯᠭᠠᠨ᠂ ᠴᠠᠭᠠᠨ ᠭᠤᠯᠢᠷ ᠬᠣᠶᠠᠷ ᠵᠢᠩ᠂ ᠪᠤᠷᠴᠠᠭ ᠤ᠋ᠨ ᠭᠤᠯᠢᠷ ᠨᠢᠭᠡ ᠵᠢᠩ᠂ ᠦᠰᠦ᠋ ᠶ᠋ᠢᠨ ᠲᠠᠯᠬ᠎ᠠ ᠬᠣᠶᠠᠷ ᠯᠠᠩ᠃ 
       ᠳᠡᠭᠡᠷᠡᠬᠢ ᠵᠦᠢᠯ ᠦ᠋ᠳ ᠢ᠋ ᠳᠠᠪᠤᠰᠤ ᠪᠠ ᠪᠠᠭᠰᠤᠷᠭ᠎ᠠ ᠪᠠᠷ ᠬᠤᠳᠬᠤᠵᠤ ᠵᠢᠭᠤᠷᠠᠭᠠᠳ ᠵᠢᠭᠠᠰᠤᠨ ᠳ᠋ᠠᠭᠠᠨ ᠲᠦᠷᠬᠢᠵᠦ᠂ ᠦᠷᠡᠰ ᠦ᠋ᠨ ᠲᠣᠰᠣᠨ ᠳ᠋ᠤᠷ ᠪᠤᠴᠠᠯᠭᠠᠵᠤ ᠪᠣᠯᠭᠣᠮᠤᠢ᠃ ᠵᠢᠴᠢ ᠨᠣᠢᠲᠠᠨ ᠭᠠ ᠬᠣᠶᠠᠷ ᠯᠠᠩ ᠢ᠋ ᠨᠠᠷᠢᠨ ᠬᠡᠷᠴᠢᠵᠦ᠂ ᠦᠨᠦᠷᠲᠦ ᠨᠣᠭᠣᠭᠠᠨ ᠤ᠋ ᠨᠠᠪᠴᠢ᠂ ᠡᠩᠭᠡᠰᠬᠡ ᠪᠡᠷ ᠥᠩᠭᠡ ᠪᠣᠳᠣᠭ ᠣᠷᠣᠭᠤᠯᠤᠭᠰᠠᠨ ᠯᠤᠤᠪᠠᠩ ᠤ᠋ᠨ ᠨᠠᠷᠢᠨ ᠰᠢᠷᠬᠡᠭ᠂ ᠬᠠᠭᠤᠷᠤᠭᠰᠠᠨ ᠰᠣᠩᠭᠢᠨ᠎ᠠ ᠵᠡᠷᠭᠡ ᠪᠡᠷ ᠨᠠᠢᠷᠠᠭᠤᠯᠤᠮᠤᠢ᠃  

ᠭᠠᠯᠠᠭᠤ ᠶ᠋ᠢᠨ ᠮᠢᠬ᠎ᠠ 
       ᠭᠠᠯᠠᠭᠤ ᠲᠠᠪᠤ ᠶ᠋ᠢ ᠴᠢᠨᠠᠵᠤ ᠪᠣᠯᠭᠣᠭᠠᠳ ᠬᠡᠰᠡᠭᠯᠡᠨ ᠬᠡᠷᠴᠢᠵᠦ᠂ ᠭᠠ ᠶ᠋ᠢᠨ ᠲᠠᠯᠬ᠎ᠠ ᠬᠠᠭᠠᠰ ᠵᠢᠩ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠱᠥᠯᠥ ᠪᠠ ᠬᠠᠭᠤᠷᠤᠭᠰᠠᠨ ᠰᠣᠩᠭᠢᠨ᠎ᠠ᠂ ᠳᠠᠪᠤᠰᠤ ᠯᠤᠭ᠎ᠠ ᠨᠠᠢᠷᠠᠭᠤᠯᠤᠮᠤᠢ᠃  

ᠭᠠ ᠶ᠋ᠢᠨ ᠨᠠᠢᠷᠠᠯᠭ᠎ᠠ ᠪᠦᠬᠦᠢ ᠭᠠᠬᠠᠢ ᠶ᠋ᠢᠨ ᠲᠣᠯᠣᠭᠠᠢ 
       ᠭᠠᠬᠠᠢ ᠶ᠋ᠢᠨ ᠲᠣᠯᠣᠭᠠᠢ ᠬᠣᠶᠠᠷ ᠢ᠋ ᠤᠬᠢᠶᠠᠵᠤ ᠴᠡᠪᠡᠷᠯᠡᠭᠡᠳ ᠮᠢᠬ᠎ᠠ ᠶ᠋ᠢ ᠬᠡᠰᠡᠭᠯᠡᠨ ᠬᠡᠷᠴᠢᠵᠦ᠂ ᠵᠦᠷᠪᠠᠭ ᠬᠣᠶᠠᠷ ᠴᠢᠨ ᠢ᠋ ᠳᠣᠲᠣᠷᠠᠬᠢ ᠴᠠᠭᠠᠨ ᠢ᠋ ᠠᠪᠴᠤ ᠬᠠᠶᠠᠨ᠂ ᠭᠠᠮᠠᠷ ᠬᠣᠶᠠᠷ ᠴᠢᠨ᠂ ᠶᠸᠷᠮ᠎ᠠ ᠬᠣᠶᠠᠷ ᠴᠢᠨ᠂ ᠰᠢᠩᠼᠠ ᠬᠣᠶᠠᠷ ᠴᠢᠨ᠂ ᠭᠠᠭᠤᠯᠠ ᠲᠠᠪᠤᠨ ᠪᠦᠬᠦᠯᠢ᠂ ᠦᠷᠡᠰ ᠦ᠋ᠨ ᠲᠣᠰᠣ ᠨᠢᠭᠡ ᠵᠢᠩ᠂ ᠪᠠᠯ ᠬᠠᠭᠠᠰ ᠵᠢᠩ᠃ 
        ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠨ ᠪᠣᠯᠭᠣᠭᠰᠠᠨ ᠤ᠋ ᠬᠣᠢᠨ᠎ᠠ ᠭᠠᠢᠮᠤ ᠶ᠋ᠢᠨ ᠲᠠᠯᠬ᠎ᠠ᠂ ᠬᠠᠭᠤᠷᠤᠭᠰᠠᠨ ᠰᠣᠩᠭᠢᠨ᠎ᠠ ᠪᠠ ᠼᠤᠤ ᠳᠠᠪᠤᠰᠤ ᠬᠢᠵᠦ ᠨᠠᠢᠷᠠᠭᠤᠯᠤᠮᠤᠢ᠃  

ᠱᠣᠰᠧᠷᠮᠧᠳᠣᠭ ᠪᠦᠬᠦᠢ ᠬᠣᠨᠢᠨ ᠮᠢᠬ᠎ᠠ 
       ᠴᠡᠪᠡᠷ ᠬᠣᠨᠢᠨ ᠮᠢᠬ᠎ᠠ ᠠᠷᠪᠠᠨ ᠵᠢᠩ ᠢ᠋ ᠴᠢᠨᠠᠵᠤ ᠪᠣᠯᠭᠣᠭᠠᠳ ᠵᠢᠵᠢᠭ ᠬᠡᠮᠬᠡ ᠶ᠋ᠢᠨ ᠬᠢᠷᠢᠲᠡᠢ ᠬᠡᠷᠴᠢᠵᠦ᠂ ᠶᠸᠷᠮ᠎ᠠ ᠨᠢᠭᠡᠨ ᠯᠠᠩ᠂ ᠱᠣᠰᠧᠷᠮᠧᠳᠣᠭ ᠬᠠᠭᠠᠰ ᠵᠢᠩ᠃ 
       ᠳᠡᠭᠡᠷᠡᠬᠢ ᠵᠦᠢᠯ ᠦ᠋ᠳ ᠢ᠋ ᠪᠠᠭᠰᠤᠷᠭ᠎ᠠ ᠨᠢᠭᠡᠨ ᠯᠠᠩ ᠤ᠋ᠨ ᠬᠠᠮᠲᠤ ᠳᠠᠪᠤᠰᠤ ᠬᠢᠵᠦ ᠲᠡᠭᠰᠢᠬᠡᠨ ᠬᠤᠳᠬᠤᠵᠤ ᠨᠠᠢᠷᠠᠭᠤᠯᠤᠮᠤᠢ᠃ 

ᠰᠢᠯᠵᠠᠯᠠᠭᠰᠠᠨ ᠬᠣᠨᠢᠨ ᠲᠣᠯᠣᠭᠠᠢ 
       ᠬᠣᠨᠢᠨ ᠲᠣᠯᠣᠭᠠᠢ ᠲᠠᠪᠤ ᠶ᠋ᠢ ᠴᠢᠨᠠᠵᠤ ᠪᠣᠯᠭᠣᠭᠠᠳ ᠮᠢᠬ᠎ᠠ ᠶ᠋ᠢ ᠠᠨᠤ ᠱᠤᠯᠤᠵᠤ ᠠᠪᠴᠤ ᠬᠡᠷᠴᠢᠵᠦ᠂ ᠭᠠ ᠶ᠋ᠢᠨ ᠲᠠᠯᠬ᠎ᠠ ᠳᠥᠷᠪᠡᠨ ᠯᠠᠩ᠂ ᠨᠠᠯᠢᠱᠠᠮ ᠨᠢᠭᠡᠨ ᠯᠠᠩ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠱᠥᠯᠥ ᠪᠠ ᠬᠠᠭᠤᠷᠤᠭᠰᠠᠨ ᠰᠣᠩᠭᠢᠨ᠎ᠠ᠂ ᠳᠠᠪᠤᠰᠤ ᠼᠤᠤ ᠲᠠᠢ ᠨᠠᠢᠷᠠᠭᠤᠯᠤᠮᠤᠢ᠃  

ᠰᠢᠯᠵᠠᠯᠠᠭᠰᠠᠨ ᠦᠬᠡᠷ ᠦ᠋ᠨ ᠰᠢᠭᠢᠷ᠎ᠡ 
       ᠦᠬᠡᠷ ᠦ᠋ᠨ ᠰᠢᠭᠢᠷ᠎ᠡ ᠳᠥᠷᠪᠡ ᠶ᠋ᠢ ᠰᠢᠯᠵᠠᠷᠠᠲᠠᠯ᠎ᠠ ᠴᠢᠨᠠᠵᠤ᠂ ᠭᠠ ᠶ᠋ᠢᠨ ᠲᠠᠯᠬ᠎ᠠ ᠬᠣᠶᠠᠷ ᠯᠠᠩ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠱᠥᠯᠥ ᠪᠣᠯᠤᠨ ᠬᠠᠭᠤᠷᠤᠭᠰᠠᠨ ᠰᠣᠩᠭᠢᠨ᠎ᠠ ᠳᠠᠪᠤᠰᠤ ᠯᠤᠭ᠎ᠠ ᠨᠠᠢᠷᠠᠭᠤᠯᠤᠮᠤᠢ᠃  

ᠬᠣᠨᠢᠨ ᠮᠢᠬ᠎ᠠ ᠪᠠ ᠰᠡᠭᠦᠯ ᠦ᠋ᠨ ᠢᠳᠡᠭᠡᠨ 
       ᠬᠣᠨᠢᠨ ᠮᠢᠬ᠎ᠠ ᠨᠢᠭᠡ ᠮᠥᠴᠢ ᠪᠣᠯᠤᠨ ᠯᠤᠤᠪᠠᠩ ᠬᠣᠶᠠᠷ ᠢ᠋ ᠪᠣᠯᠭᠣᠭᠠᠳ ᠨᠠᠷᠢᠨ ᠬᠡᠷᠴᠢᠨ᠂ ᠬᠣᠨᠢᠨ ᠰᠡᠭᠦᠯ ᠨᠢᠭᠡ ᠶ᠋ᠢ ᠪᠣᠯᠭᠣᠭᠠᠳ ᠮᠥᠨ ᠬᠡᠷᠴᠢᠵᠦ᠂ ᠬᠠᠹᠤᠷ ᠬᠣᠶᠠᠷ ᠴᠢᠨ᠃ 
       ᠳᠡᠭᠡᠷᠡᠬᠢ ᠵᠦᠢᠯ ᠦ᠋ᠳ ᠢ᠋ ᠰᠠᠢᠨ ᠮᠢᠬᠠᠨ ᠱᠥᠯᠥ ᠪᠠ ᠬᠠᠭᠤᠷᠤᠭᠰᠠᠨ ᠰᠣᠩᠭᠢᠨ᠎ᠠ ᠯᠤᠭ᠎ᠠ ᠨᠠᠢᠷᠠᠭᠤᠯᠤᠮᠤᠢ᠃
      (ᠳᠡᠭᠡᠷ᠎ᠡ ᠪᠢᠴᠢᠭᠰᠡᠨ ᠬᠠᠹᠤᠷ ᠭᠡᠳᠡᠭ ᠨᠢ ᠶᠠᠭᠤ ᠶ᠋ᠢ ᠬᠡᠯᠡᠭᠰᠡᠨ ᠢ᠋ ᠮᠡᠳᠡᠬᠦ ᠦᠭᠡᠢ᠃ ᠡᠰᠡᠬᠦᠯ᠎ᠡ ᠭᠠᠪᠤᠷ ᠢ᠋ ᠵᠢᠭᠠᠭᠰᠠᠨ ᠪᠤᠶᠤ)  

ᠬᠣᠨᠢᠨ ᠡᠯᠢᠭᠡ ᠶ᠋ᠢᠨ ᠢᠳᠡᠭᠡᠨ 
       ᠬᠣᠨᠢᠨ ᠡᠯᠢᠭᠡ ᠨᠢᠭᠡ ᠶ᠋ᠢ ᠤᠰᠤᠨ ᠳ᠋ᠤᠷ ᠳᠡᠪᠲᠦᠭᠡᠭᠡᠳ ᠨᠠᠷᠢᠨ ᠬᠡᠷᠴᠢᠨ᠂ ᠨᠣᠢᠲᠠᠨ ᠭᠠ ᠳᠥᠷᠪᠡᠨ ᠯᠠᠩ ᠪᠠ ᠯᠤᠤᠪᠠᠩ ᠬᠣᠶᠠᠷ ᠢ᠋ ᠲᠤᠰ ᠪᠦᠷᠢ ᠳ᠋ᠦ᠍ ᠨᠢ ᠨᠠᠷᠢᠨ ᠰᠢᠷᠬᠡᠭ ᠪᠣᠯᠭᠠᠨ ᠬᠡᠷᠴᠢᠵᠦ᠂ ᠠᠮᠲᠠᠲᠤ ᠨᠣᠭᠣᠭ᠎ᠠ ᠵᠢᠴᠢ ᠰᠢᠯᠮᠢ ᠲᠤᠰ ᠪᠦᠷᠢ ᠬᠣᠶᠠᠷ ᠯᠠᠩ ᠢ᠋ ᠮᠥᠨ ᠨᠠᠷᠢᠨ ᠰᠢᠷᠬᠡᠭ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠳᠠᠪᠤᠰᠤ᠂ ᠼᠤᠤ ᠭᠠᠢᠮᠤ ᠶ᠋ᠢᠨ ᠲᠠᠯᠬ᠎ᠠ ᠯᠤᠭ᠎ᠠ ᠨᠠᠢᠷᠠᠭᠤᠯᠤᠮᠤᠢ᠃  

ᠮᠣᠷᠢᠨ ᠤ᠋ ᠭᠡᠳᠡᠰᠦ 
       ᠮᠣᠷᠢᠨ ᠤ᠋ ᠭᠡᠳᠡᠰᠦ ᠨᠢᠭᠡ ᠪᠦᠬᠦᠯᠢ ᠶ᠋ᠢ ᠴᠢᠨᠠᠵᠤ᠂ ᠪᠣᠯᠭᠣᠭᠠᠳ ᠨᠠᠷᠢᠨ ᠬᠡᠷᠴᠢᠨ᠂ ᠭᠠᠢᠮᠤ ᠶ᠋ᠢᠨ ᠲᠠᠯᠬ᠎ᠠ ᠬᠠᠭᠠᠰ ᠵᠢᠩ᠃ ᠭᠡᠳᠡᠰᠦᠨ ᠳ᠋ᠦ᠍ᠷ ᠴᠢᠰᠤ ᠴᠢᠳᠬᠤᠬᠤ ᠳ᠋ᠤ᠌ ᠪᠠᠨ ᠳᠡᠯᠢᠭᠦᠦ ᠪᠠ ᠥᠭᠡᠬᠦ ᠶ᠋ᠢᠨ ᠬᠠᠮᠲᠤ ᠬᠡᠷᠴᠢᠯᠭᠡᠯᠡᠭᠡᠳ ᠴᠢᠳᠬᠤᠵᠤ ᠴᠢᠨᠠᠵᠤ ᠪᠤᠯᠭᠤᠮᠤᠢ᠃ ᠵᠢᠴᠢ ᠬᠠᠭᠤᠷᠤᠭᠰᠠᠨ ᠰᠣᠩᠭᠢᠨ᠎ᠠ᠂ ᠳᠠᠪᠤᠰᠤ᠂ ᠼᠤᠤ ᠪᠠ ᠭᠠᠢᠮᠤ ᠶ᠋ᠢᠨ ᠲᠠᠯᠬ᠎ᠠ ᠯᠤᠭ᠎ᠠ ᠨᠠᠢᠷᠠᠭᠤᠯᠵᠤ ᠢᠳᠡᠮᠦᠢ᠃  

ᠬᠠᠯᠪᠢᠨᠢ ᠶ᠋ᠢ ᠲᠣᠰᠣᠨ ᠳ᠋ᠤᠷ ᠪᠤᠴᠠᠯᠭᠠᠬᠤ 
       ᠬᠠᠯᠪᠢᠨᠢ ᠬᠣᠶᠠᠷ ᠢ᠋ ᠰᠠᠯᠭᠠᠵᠤ᠂ ᠲᠤᠰ ᠪᠦᠷᠢ ᠨᠢᠭᠡᠨ ᠬᠡᠰᠡᠭ ᠪᠣᠯᠭᠠᠨ ᠰᠢᠩᠭᠦᠨ ᠨᠢᠭᠡ ᠴᠢᠨ᠂ ᠰᠣᠩᠭᠢᠨ᠎ᠠ᠂ ᠨᠢᠭᠡᠨ ᠴᠢᠨ ᠢ᠋ ᠨᠠᠷᠢᠨ ᠬᠡᠷᠴᠢᠮᠦᠢ᠃
       ᠳᠡᠭᠡᠷᠡᠬᠢ ᠵᠦᠢᠯ ᠦ᠋ᠳ ᠢ᠋ ᠳᠠᠪᠤᠰᠤ ᠲᠠᠢ ᠬᠠᠮᠲᠤ ᠬᠤᠳᠬᠤᠵᠤ ᠤᠳᠠᠰᠬᠢᠭᠡᠳ ᠦᠷᠡᠰ ᠦ᠋ᠨ ᠲᠣᠰᠣᠨ ᠳ᠋ᠤᠷ ᠪᠤᠴᠠᠯᠭᠠᠨ ᠪᠣᠯᠭᠣᠮᠤᠢ᠃ ᠳᠠᠷᠠᠭ᠎ᠠ ᠠᠨᠤ ᠭᠦᠷᠭᠦᠮ ᠬᠣᠶᠠᠷ ᠴᠢᠨ ᠢ᠋ ᠳᠡᠪᠲᠦᠭᠡᠭᠡᠳ ᠰᠥᠮᠥᠰᠦ ᠶ᠋ᠢ ᠠᠪᠴᠤ᠂ ᠵᠢᠴᠢ ᠪᠠᠭᠰᠤᠷᠭ᠎ᠠ ᠪᠠ ᠦᠨᠦᠷᠲᠦ ᠨᠣᠭᠣᠭ᠎ᠠ ᠶ᠋ᠢᠨ ᠲᠠᠯᠬ᠎ᠠ ᠶ᠋ᠢ ᠬᠢᠵᠦ ᠨᠠᠢᠷᠠᠭᠤᠯᠳ ᠢᠳᠡᠮᠦᠢ᠃ (ᠬᠠᠯᠪᠢᠨᠢ ᠵᠢᠭᠠᠰᠤ ᠪᠣᠯ ᠠᠮᠲᠠᠯᠢᠭ ᠠᠮᠲᠠᠲᠠᠢ᠂ ᠲᠡᠭᠰᠢ ᠴᠢᠨᠠᠷ ᠲᠠᠢ᠂ ᠬᠣᠣᠷ ᠦᠭᠡᠢ᠃ ᠡᠨᠡ ᠢᠨᠦ ᠲᠠᠮᠢᠷ ᠢ᠋ ᠰᠠᠢᠵᠢᠷᠠᠭᠤᠯᠬᠤ᠂ ᠢᠯᠡᠭᠦᠦ ᠢᠳᠡᠪᠡᠯ ᠬᠡᠢ ᠶ᠋ᠢ ᠬᠥᠳᠡᠯᠭᠡᠮᠦᠢ ᠭᠡᠮᠡᠨ ᠯᠢ ᠱᠢ ᠵᠧᠨ ᠦ᠌ ᠡᠪᠡᠰᠦᠨ ᠡᠮ ᠦ᠋ᠨ ᠲᠣᠪᠴᠢ ᠳ᠋ᠤᠷ ᠲᠡᠮᠳᠡᠭᠯᠡᠵᠦ ᠪᠣᠢ᠃ )  

ᠬᠣᠨᠢᠨ ᠰᠢᠭᠢᠷ᠎ᠡ ᠲᠡᠢ ᠱᠧᠰᠧ 
       ᠬᠣᠨᠢᠨ ᠰᠢᠭᠢᠷ᠎ᠡ (ᠲᠠᠪᠤᠨ ᠬᠣᠨᠢᠨ ᠤ᠋) ᠶ᠋ᠢ ᠤᠬᠢᠶᠠᠵᠤ ᠴᠡᠪᠡᠷᠯᠡᠨ᠂ ᠰᠢᠯᠵᠢᠷᠡᠲᠡᠯ᠎ᠡ ᠴᠢᠨᠠᠵᠤ ᠪᠣᠯᠭᠣᠭᠠᠳ ᠬᠡᠰᠡᠭᠯᠡᠨ ᠬᠡᠷᠴᠢᠵᠦ᠂ ᠭᠠ ᠶ᠋ᠢᠨ ᠲᠠᠯᠬ᠎ᠠ ᠨᠢᠭᠡᠨ ᠯᠠᠩ᠂ ᠪᠠᠭᠰᠤᠷᠭ᠎ᠠ ᠲᠠᠪᠤᠨ ᠴᠢᠨ᠃ 
       ᠳᠡᠭᠡᠷᠡᠬᠢ ᠵᠦᠢᠯ ᠦ᠋ᠳ ᠦ᠋ᠨ ᠳᠣᠲᠣᠷ᠎ᠠ ᠭᠤᠯᠢᠷ ᠤ᠋ᠨ ᠱᠧᠰᠧ ᠬᠢᠵᠦ᠂ ᠵᠢᠴᠢ ᠬᠠᠭᠤᠷᠤᠭᠰᠠᠨ ᠰᠣᠩᠭᠢᠨ᠎ᠠ ᠪᠠ ᠼᠤᠤ ᠳᠠᠪᠤᠰᠤ ᠨᠡᠮᠡᠵᠦ ᠨᠡᠢᠯᠡᠭᠦᠯᠦᠨ ᠨᠠᠢᠷᠠᠭᠤᠯᠤᠮᠤᠢ᠃  

ᠬᠣᠨᠢᠨ ᠲᠣᠯᠣᠭᠠᠢ ᠶ᠋ᠢᠨ ᠱᠧᠰᠧ 
        ᠬᠣᠨᠢᠨ ᠲᠣᠯᠣᠭᠠᠢ ᠬᠣᠶᠠᠷ ᠢ᠋ ᠤᠬᠢᠶᠠᠨ ᠴᠡᠪᠡᠷᠯᠡᠵᠦ ᠴᠢᠨᠠᠵᠤ ᠵᠥᠭᠡᠯᠡᠷᠡᠭᠦᠯᠦᠭᠡᠳ ᠬᠡᠰᠡᠭᠯᠡᠨ ᠬᠡᠷᠴᠢᠨ᠂ ᠭᠠ ᠶ᠋ᠢᠨ ᠲᠠᠯᠬ᠎ᠠ ᠬᠣᠶᠠᠷ ᠯᠠᠩ᠂ ᠪᠠᠭᠰᠤᠷᠭ᠎ᠠ ᠲᠠᠪᠤᠨ ᠴᠢᠨ᠃ 
       ᠳᠡᠭᠡᠷᠡᠬᠢ ᠵᠦᠢᠯ ᠦ᠋ᠳ ᠢ᠋ ᠭᠤᠯᠢᠷ ᠤ᠋ᠨ ᠱᠧᠰᠧ ᠶ᠋ᠢᠨ ᠬᠠᠮᠲᠤ ᠰᠠᠢᠨ ᠮᠢᠬᠠᠨ ᠱᠥᠯᠦᠨ ᠳ᠋ᠦ᠍ᠷ ᠪᠣᠯᠭᠣᠭᠠᠳ ᠬᠠᠭᠤᠷᠤᠭᠰᠠᠨ ᠰᠣᠩᠭᠢᠨ᠎ᠠ ᠪᠠ ᠳᠠᠪᠤᠰᠤ ᠼᠤᠤ ᠲᠠᠢ ᠨᠠᠢᠷᠠᠭᠤᠯᠤᠮᠤᠢ᠃  

ᠵᠢᠭᠠᠰᠤᠨ ᠬᠢᠮ᠎ᠠ 
        ᠰᠢᠨ᠎ᠡ ᠮᠥᠷᠭᠥ ᠵᠢᠭᠠᠰᠤ ᠲᠠᠪᠤ ᠶ᠋ᠢ ᠠᠷᠠᠰᠤ ᠶᠠᠰᠤ ᠪᠠ ᠲᠣᠯᠣᠭᠠᠢ ᠰᠡᠭᠦᠯ ᠢ᠋ ᠢᠨᠦ ᠠᠪᠴᠤ ᠬᠠᠶᠠᠨ᠂ ᠨᠣᠢᠲᠠᠨ ᠭᠠ ᠬᠣᠶᠠᠷ ᠯᠠᠩ᠂ ᠯᠤᠤᠪᠠᠩ ᠬᠣᠶᠠᠷ ᠪᠦᠬᠦᠯᠢ᠂ ᠰᠣᠩᠭᠢᠨ᠎ᠠ ᠨᠢᠭᠡᠨ ᠯᠠᠩ᠂ ᠦᠨᠦᠷᠲᠦ ᠨᠣᠭᠣᠭ᠎ᠠ᠂ ᠰᠢᠯᠮᠢ ᠵᠡᠷᠭᠡ ᠶ᠋ᠢ ᠲᠤᠰ ᠪᠦᠷᠢ ᠳ᠋ᠦ᠍ᠨᠢ ᠨᠠᠷᠢᠨ ᠬᠡᠷᠴᠢᠭᠡᠳ ᠡᠩᠭᠡᠰᠬᠡ ᠪᠡᠷ ᠪᠣᠳᠣᠭ ᠣᠷᠣᠭᠤᠯᠤᠮᠤᠢ᠃ 
        ᠲᠣᠰᠣ ᠪᠠᠷ ᠪᠣᠯᠭᠣᠬᠤ ᠳ᠋ᠠᠭᠠᠨ ᠳᠡᠭᠡᠷᠡᠬᠢ ᠵᠦᠢᠯ ᠦ᠋ᠳ ᠦ᠋ᠨ ᠳᠡᠭᠡᠷ᠎ᠡ ᠭᠠᠢᠮᠤ ᠶ᠋ᠢᠨ ᠲᠠᠯᠬ᠎ᠠ ᠪᠠ ᠬᠠᠭᠤᠷᠤᠭᠰᠠᠨ ᠳᠠᠪᠤᠰᠤ ᠼᠤᠤ ᠬᠢᠵᠦ ᠨᠠᠢᠷᠠᠭᠤᠯᠤᠮᠤᠢ᠃  

ᠤᠯᠠᠭᠠᠨ ᠰᠢᠷᠬᠡᠭ 
       ᠬᠣᠨᠢᠨ ᠴᠢᠰᠤ ᠶ᠋ᠢ ᠴᠠᠭᠠᠨ ᠭᠤᠯᠢᠷ ᠤ᠋ᠨ ᠬᠠᠮᠲᠤ ᠬᠢᠬᠦ ᠠᠷᠭ᠎ᠠ ᠪᠠᠷ ᠴᠢᠨᠠᠵᠤ ᠪᠣᠯᠭᠣᠨ ᠨᠣᠢᠲᠠᠨ ᠭᠠ ᠳᠥᠷᠪᠡᠨ ᠯᠠᠩ᠂ ᠯᠤᠤᠪᠠᠩ ᠨᠢᠭᠡᠨ ᠪᠦᠬᠦᠯᠢ᠂ ᠦᠨᠦᠷᠲᠦ ᠨᠣᠭᠣᠭ᠎ᠠ᠂ ᠰᠢᠯᠮᠢ ᠵᠡᠷᠭᠡ ᠶ᠋ᠢ ᠲᠤᠰ ᠪᠦᠷᠢ ᠳ᠋ᠦ᠍ᠨᠢ ᠨᠠᠷᠢᠨ ᠬᠡᠷᠴᠢᠮᠦᠢ᠃ 
       ᠳᠡᠭᠡᠷᠡᠬᠢ ᠵᠦᠢᠯ ᠦ᠋ᠳ ᠢ᠋ ᠳᠠᠪᠤᠰᠤ ᠼᠤᠤ ᠪᠠ ᠭᠠᠢᠮᠤ ᠶ᠋ᠢᠨ ᠲᠠᠯᠬ᠎ᠠ ᠲᠠᠢ ᠨᠠᠢᠷᠠᠭᠤᠯᠤᠮᠤᠢ᠃  


             ᠦᠰᠦᠭ ᠠᠮᠢᠯᠠᠭᠤᠯᠤᠭᠰᠠᠨ ᠨᠢ ᠄ ᠭᠠᠸᠠ 
               ᠬᠢᠨᠠᠭᠴᠢ ᠄ ᠲᠤᠭᠴᠢ ᠰᠠᠷᠠᠨ᠎ᠠ