ᠠᠩᠭᠠᠬᠠᠢ ᠰᠢᠪᠠᠭᠤᠨ ᠤ᠋ ᠦᠯᠢᠭᠡᠷ Ангаахай шувууны үлгэр
ᠠᠩᠭᠠᠬᠠᠢ ᠰᠢᠪᠠᠭᠤᠨ ᠤ᠋ ᠦᠯᠢᠭᠡᠷ
ᠠᠷᠠᠳ ᠤ᠋ᠨ ᠠᠮᠠᠨ ᠦᠯᠢᠭᠡᠷ
ᠵᠠ᠊· ᠥᠭᠡᠳᠡᠯᠡᠬᠦ ᠤᠩᠰᠢᠪᠠ
ᠡᠷᠲᠡ ᠤᠷᠢᠳᠤ ᠴᠠᠭ ᠲᠤ᠌ ᠠᠩᠭᠠᠬᠠᠢ ᠰᠢᠪᠠᠭᠤ ᠪᠠᠢᠵᠤ ᠭᠡᠨ᠎ᠡ
ᠠᠭᠢ ᠶ᠋ᠢᠨ ᠥᠨᠳᠥᠷ ᠠᠭᠤᠯᠠ ᠶ᠋ᠢᠨ ᠠᠷᠤ ᠳ᠋ᠤ᠌ ᠠᠭᠠᠷᠤ ᠽᠠᠨᠳᠠᠨ ᠮᠣᠳᠣᠨ ᠤ᠋ ᠳᠡᠭᠡᠷ᠎ᠡ
ᠠᠯᠲᠠᠨ ᠫᠢᠯᠠ ᠰᠢᠭ᠋ ᠰᠠᠢᠬᠠᠨ ᠡᠭᠦᠷ ᠢ᠋ ᠪᠠᠷᠢᠭᠠᠳ ᠠᠮᠤᠷ ᠲᠠᠢᠪᠤᠩ ᠰᠠᠭᠤᠳᠠᠭ ᠪᠠᠢᠯ᠎ᠠ᠃
ᠤᠳᠠᠯ ᠦᠭᠡᠢ ᠠᠩᠭᠠᠬᠠᠢ ᠰᠢᠪᠠᠭᠤ ᠥᠰᠴᠦ ᠲᠣᠮᠣ ᠪᠣᠯᠤᠭᠠᠳ ᠠᠷᠪᠠᠨ ᠭᠤᠷᠪᠠᠨ ᠥᠨᠳᠡᠭᠡ ᠭᠠᠷᠭᠠᠵᠤ ᠭᠡᠨ᠎ᠡ᠃
ᠨᠢᠭᠡᠨ ᠡᠳᠦᠷ ᠠᠷᠤ ᠶ᠋ᠢᠨ ᠤᠯᠠᠭᠠᠨ ᠦᠨᠡᠭᠡ ᠲᠣᠭᠣᠷᠢᠨ ᠶᠠᠪᠤᠭᠰᠠᠭᠠᠷ
ᠠᠭᠠᠷᠤ ᠽᠠᠨᠳᠠᠨ ᠮᠣᠳᠣᠨ ᠤ᠋ ᠳᠣᠣᠷ᠎ᠠ ᠢᠷᠡᠵᠦ ᠪᠠᠶᠠᠷ ᠪᠠᠶᠠᠰᠤᠯ ᠢ᠋ᠶ᠋ᠠᠷ ᠪᠢᠯᠬᠠᠭᠰᠠᠨ ᠰᠢᠪᠠᠭᠤ ᠳ᠋ᠤ᠌ ᠬᠠᠨᠳᠤᠵᠤ
《 ᠪᠠᠶᠠᠰᠬᠤᠯᠠᠩᠲᠤ ᠰᠢᠪᠠᠭᠤ ᠲᠠ ᠠᠷᠪᠢᠨ ᠶᠡᠬᠡ ᠥᠨᠳᠡᠭᠡᠨ ᠡᠴᠡ ᠪᠡᠨ ᠦᠨᠡᠭᠡ ᠨᠠᠳᠠ ᠨᠢᠭᠡ ᠬᠣᠶᠠᠷᠬᠠᠨ ᠢ᠋ ᠥᠭᠭᠦᠭᠡᠴᠢ!》 ᠭᠡᠯᠡ᠃
ᠪᠠᠶᠠᠰᠬᠤᠯᠠᠩᠲᠤ ᠰᠢᠪᠠᠭᠤ ᠥᠳᠥ ᠵᠢᠭᠦᠷ ᠢ᠋ᠶ᠋ᠡᠨ ᠳᠡᠪᠢᠭᠡᠳ ᠦᠨᠡᠭᠡ ᠳ᠋ᠦ᠍᠄
《 ᠪᠠᠶᠠᠰᠬᠤᠯᠠᠩᠲᠤ ᠰᠢᠪᠠᠭᠤ ᠪᠢ ᠠᠷᠪᠠᠨ ᠭᠤᠷᠪᠠᠨ ᠥᠨᠳᠡᠭᠡ ᠡᠴᠡ ᠪᠡᠨ
ᠦᠨᠡᠭᠡ ᠴᠢᠮ᠎ᠠ ᠳ᠋ᠤ᠌ ᠥᠭᠬᠦ ᠶ᠋ᠢ ᠪᠤᠤ ᠬᠡᠯᠡ ᠬᠠᠭᠠᠨ ᠡᠵᠡᠨ ᠢᠷᠡᠵᠦ ᠭᠤᠶᠤᠭᠰᠠᠨ ᠴᠤ᠌ ᠪᠢ
ᠥᠨᠳᠡᠭᠡ ᠨᠦ᠍ᠭᠦᠳ ᠢ᠋ᠶ᠋ᠡᠨ ᠥᠭᠬᠦ ᠦᠭᠡᠢ》 ᠭᠡᠵᠦ ᠬᠡᠯᠡᠯ᠎ᠡ᠃
ᠦᠨᠡᠭᠡ ᠡᠭᠦᠨ ᠢ᠋ ᠰᠣᠨᠣᠰᠤᠭᠠᠳ ᠠᠭᠤᠷᠯᠠᠵᠤ᠄《 ᠪᠠᠶᠠᠰᠬᠤᠯᠠᠩᠲᠤ ᠰᠢᠪᠠᠭᠤ ᠴᠢ ᠥᠨᠳᠡᠭᠡ ᠡᠴᠡ ᠪᠡᠨ ᠥᠭᠬᠦ ᠦᠭᠡᠢ ᠪᠣᠯ ᠦᠨᠡᠭᠡ ᠪᠢ
ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ ᠨᠠᠭᠠᠳᠤ ᠮᠠᠭᠤ ᠠᠭᠠᠷᠤ ᠽᠠᠨᠳᠠᠨ ᠮᠣᠳᠣ ᠶ᠋ᠢ ᠴᠢᠨᠢ ᠬᠤᠭᠤ ᠮᠥᠷᠭᠥᠨ᠎ᠡ》 ᠭᠡᠬᠦ ᠳ᠋ᠦ᠍᠃
ᠪᠠᠶᠠᠰᠬᠤᠯᠠᠩᠲᠤ ᠰᠢᠪᠠᠭᠤ ᠰᠠᠨᠳᠤᠷᠴᠤ᠄《 ᠠᠭᠠᠷᠤ ᠽᠠᠨᠳᠠᠨ ᠮᠣᠳᠣ ᠶ᠋ᠢ ᠮᠢᠨᠢ
ᠬᠤᠭᠤ ᠮᠥᠷᠭᠥᠬᠦ ᠶᠤᠮ ᠪᠣᠯ ᠠᠷᠪᠠᠨ ᠭᠤᠷᠪᠠᠨ ᠥᠨᠳᠡᠭᠡ ᠮᠢᠨᠢ
ᠬᠠᠭᠠᠷᠠᠵᠤ ᠪᠠᠶᠠᠰᠬᠤᠯᠠᠩᠲᠤ ᠰᠢᠪᠠᠭᠤ ᠪᠢ ᠪᠠᠶᠠᠷ ᠬᠥᠷ ᠦᠭᠡᠢ ᠪᠣᠯᠵᠤ ᠭᠤᠨᠢᠭ ᠵᠣᠪᠠᠯᠠᠩ ᠨᠠᠮ᠎ᠠ ᠶ᠋ᠢ ᠪᠦᠷᠬᠦᠨ᠎ᠡ᠃
ᠠᠷᠪᠠᠨ ᠭᠤᠷᠪᠠᠨ ᠥᠨᠳᠡᠭᠡ ᠪᠡᠨ ᠬᠠᠭᠠᠯᠤᠭᠤᠯᠤᠭᠰᠠᠨ ᠣᠷᠣᠨ ᠳ᠋ᠤ᠌ ᠨᠢᠭᠡ ᠥᠨᠳᠡᠭᠡ ᠪᠡᠨ ᠬᠠᠭᠠᠯᠤᠭᠤᠯᠤᠭᠰᠠᠨ ᠳᠡᠭᠡᠷ᠎ᠡ ᠪᠢᠰᠢ ᠤᠤ?》 ᠭᠡᠵᠦ ᠪᠣᠳᠣᠭᠠᠳ ᠬᠥᠭᠡᠷᠦᠬᠦᠢ ᠰᠢᠪᠠᠭᠤ ᠨᠢᠭᠡ ᠥᠨᠳᠡᠭᠡ ᠪᠡᠨ ᠮᠣᠳᠣᠨ ᠠ᠋ᠴᠠ ᠤᠨᠠᠭᠠᠬᠤ ᠳ᠋ᠤ᠌
ᠳᠣᠣᠷ᠎ᠠ ᠠ᠋ᠴᠠ ᠨᠢ ᠵᠠᠯᠢᠲᠤ ᠦᠨᠡᠭᠡ ᠰᠢᠭᠦᠷᠡᠴᠦ ᠠᠪᠤᠭᠠᠳ ᠶᠠᠪᠤᠵᠤ ᠣᠳᠤᠯ᠎ᠠ᠃
ᠨᠢᠭᠡᠮᠦᠰᠦᠨ ᠥᠨᠳᠡᠭᠡᠨ ᠦ᠌ ᠠᠮᠲᠠᠨ ᠳ᠋ᠤ᠌ ᠨᠢ ᠣᠷᠣᠭᠰᠠᠨ ᠵᠠᠯᠢᠲᠤ ᠦᠨᠡᠭᠡ
ᠡᠳᠦᠷ ᠪᠦᠷᠢ ᠰᠢᠪᠠᠭᠤᠨ ᠤ᠋ ᠡᠭᠦᠷ ᠲᠡᠢ ᠰᠠᠭᠯᠠᠭᠠᠷ ᠮᠣᠳᠣᠨ ᠤ᠋ ᠳᠣᠣᠷ᠎ᠠ ᠢᠷᠡᠵᠦ᠄
《 ᠪᠠᠶᠠᠰᠬᠤᠯᠠᠩᠲᠤ ᠰᠢᠪᠠᠭᠤ ᠲᠠ ᠥᠨᠳᠡᠭᠡᠨ ᠡᠴᠡ ᠪᠡᠨ ᠥᠭᠬᠦ ᠦᠭᠡᠢ ᠶᠤᠮ ᠪᠣᠯ ᠦᠨᠡᠭᠡ ᠪᠢ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ ᠨᠠᠭᠠᠳᠤ ᠮᠠᠭᠤ ᠠᠭᠠᠷᠤ ᠽᠠᠨᠳᠠᠨ ᠮᠣᠳᠣ ᠶ᠋ᠢ ᠴᠢᠨᠢ ᠬᠤᠭᠤ ᠮᠥᠷᠭᠥᠨ᠎ᠡ》 ᠭᠡᠵᠦ
ᠠᠶᠤᠯᠭᠠᠭᠰᠠᠭᠠᠷ ᠪᠠᠶᠠᠰᠬᠤᠯᠠᠩᠲᠤ ᠰᠢᠪᠠᠭᠤᠨ ᠤ᠋ ᠥᠨᠳᠡᠭᠡ ᠶ᠋ᠢ ᠨᠢᠭᠡ ᠨᠢᠭᠡ ᠪᠡᠷ ᠠᠪᠴᠤ
ᠡᠴᠦᠰ ᠲᠡᠭᠡᠨ ᠬᠥᠭᠡᠷᠦᠬᠦᠢ ᠰᠢᠪᠠᠭᠤ ᠳᠣᠯᠣᠭᠠᠨ ᠥᠨᠳᠡᠭᠡ ᠲᠡᠢ ᠦᠯᠡᠳᠡᠵᠦ ᠭᠡᠨ᠎ᠡ᠃
ᠨᠢᠭᠡᠨ ᠨᠠᠷᠠ ᠮᠠᠨᠳᠤᠭᠰᠠᠨ ᠥᠷᠯᠥᠭᠡ ᠠᠭᠢ ᠶ᠋ᠢᠨ ᠥᠨᠳᠥᠷ ᠠᠭᠤᠯᠠᠨ ᠤ᠋
ᠠᠷᠪᠠᠨ ᠬᠣᠶᠠᠷ ᠰᠠᠯᠠᠭ᠎ᠠ ᠡᠪᠡᠷ ᠲᠡᠢ ᠪᠤᠭᠤ ᠲᠤᠩᠭᠠᠯᠠᠭ ᠪᠤᠯᠠᠭ ᠤ᠋ᠨ ᠤᠰᠤ ᠪᠠᠨ ᠤᠤᠭᠤᠭᠠᠳ
ᠠᠭᠠᠷᠤ ᠽᠠᠨᠳᠠᠨ ᠮᠣᠳᠣᠨ ᠤ᠋ ᠰᠡᠭᠦᠳᠡᠷ ᠲᠦ᠍ ᠵᠣᠭᠰᠣᠬᠤᠯᠠᠷ᠃
ᠡᠨᠡ ᠦᠶ᠎ᠡ ᠳ᠋ᠦ᠍ ᠭᠤᠨᠢᠭ ᠵᠣᠪᠠᠯᠠᠩ ᠳ᠋ᠤ᠌ ᠠᠪᠲᠠᠭᠰᠠᠨ ᠬᠥᠭᠡᠷᠦᠬᠦᠢ ᠰᠢᠪᠠᠭᠤ᠄《 ᠠ᠋ ᠠ᠋ ᠠ᠋》 ᠭᠡᠵᠦ ᠤᠬᠢᠯᠠᠵᠤ ᠪᠠᠢᠯ᠎ᠠ᠃
ᠪᠤᠭᠤ᠄《 ᠪᠠᠶᠠᠰᠬᠤᠯᠠᠩᠲᠤ ᠰᠢᠪᠠᠭᠤ ᠲᠠ ᠶᠠᠭᠠᠬᠢᠭᠠᠳ ᠭᠤᠨᠢᠭ ᠲᠤ᠌ ᠠᠪᠲᠠᠭᠳᠠᠭᠰᠠᠨ ᠶᠤᠮ ᠪᠣᠢ 》 ᠭᠡᠵᠦ ᠠᠰᠠᠭᠤᠬᠤ ᠳ᠋ᠤ᠌᠄
ᠪᠠᠶᠠᠰᠬᠤᠯᠠᠩᠲᠤ ᠰᠢᠪᠠᠭᠤ《 ᠪᠢ ᠠᠷᠪᠠᠨ ᠭᠤᠷᠪᠠᠨ ᠥᠨᠳᠡᠭᠡ ᠲᠡᠢ ᠪᠠᠢᠯ᠎ᠠ᠃ ᠭᠡᠲᠡᠯ᠎ᠡ ᠠᠷᠤ ᠶ᠋ᠢᠨ ᠤᠯᠠᠭᠠᠨ ᠦᠨᠡᠭᠡ ᠢᠷᠡᠵᠦ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠵᠤ ᠠᠭᠠᠷᠤ ᠽᠠᠨᠳᠠᠨ ᠮᠣᠳᠣ ᠶ᠋ᠢ ᠴᠢᠨᠢ
ᠬᠤᠭᠤ ᠮᠥᠷᠭᠥᠨ᠎ᠡ》 ᠭᠡᠵᠦ ᠨᠠᠮ᠎ᠠ ᠶ᠋ᠢ ᠠᠶᠤᠯᠭᠠᠭᠰᠠᠭᠠᠷ ᠥᠨᠳᠡᠭᠡ ᠶ᠋ᠢ ᠮᠢᠨᠢ ᠨᠢᠭᠡ ᠨᠢᠭᠡ ᠪᠡᠷ ᠠᠪᠤᠭᠰᠠᠭᠠᠷ ᠣᠳᠣ ᠪᠢ
ᠳᠤᠯᠠᠭᠠᠬᠠᠨ ᠥᠨᠳᠡᠭᠡ ᠲᠡᠢ ᠪᠣᠯᠴᠢᠬᠠᠯ᠎ᠠ᠃》《 ᠠ᠋ ᠠ᠋ ᠠ᠋᠁ 》 ᠭᠡᠵᠡᠢ᠃
ᠪᠤᠭᠤ᠄《 ᠲᠡᠭᠡᠪᠡᠯ ᠪᠢ ᠴᠢᠮ᠎ᠠ ᠳ᠋ᠤ᠌ ᠨᠢᠭᠡ ᠦᠭᠡ ᠵᠢᠭᠠᠵᠤ ᠥᠭᠭᠦᠶ᠎ᠡ᠃ ᠦᠨᠡᠭᠡ ᠳᠠᠬᠢᠭᠠᠳ ᠢᠷᠡᠪᠡᠯ ᠢᠩᠭᠢᠵᠦ ᠠᠰᠠᠭᠤ᠃ ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠬᠤ ᠠᠰᠢᠲᠠᠢ ᠨᠠᠢ᠍ᠮᠠᠨ ᠲᠤᠭᠤᠷᠠᠢ ᠴᠢᠨᠢ ᠬᠠᠮᠢᠭ᠎ᠠ ᠪᠠᠢᠨ᠎ᠠ ᠪᠣᠢ᠂ ᠠᠭᠠᠷᠤ ᠽᠠᠨᠳᠠᠨ ᠮᠣᠳᠣ ᠶ᠋ᠢ ᠮᠢᠨᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ ᠪᠣᠢ》 ᠭᠡᠳ ᠣᠢ ᠳᠤᠮᠳᠠᠭᠤᠷ ᠶᠠᠪᠤᠭᠠᠳ ᠦᠭᠭᠦᠵᠡᠢ᠃
ᠮᠠᠷᠭᠠᠰᠢ ᠥᠷᠯᠥᠭᠡ ᠨᠢ ᠵᠠᠯᠢᠲᠤ ᠦᠨᠡᠭᠡ ᠳᠠᠬᠢᠭᠠᠳ ᠢᠷᠡᠵᠦ᠄《 ᠪᠠᠶᠠᠰᠬᠤᠯᠠᠩᠲᠤ ᠰᠢᠪᠠᠭᠤ ᠲᠠ ᠥᠨᠳᠡᠭᠡ ᠡᠴᠡ ᠪᠡᠨ ᠨᠢᠭᠡ ᠶ᠋ᠢ ᠥᠭᠭᠦᠭᠡᠴᠢ》 ᠭᠡᠬᠦᠯᠡᠷ᠂
《 ᠠᠯᠤᠰ ᠤ᠋ᠨ ᠭᠠᠵᠠᠷ ᠠ᠋ᠴᠠ ᠲᠣᠭᠣᠰᠣ ᠮᠠᠨᠠᠷᠠᠭᠤᠯᠬᠤ ᠨᠠᠢ᠍ᠮᠠᠨ ᠲᠤᠭᠤᠷᠠᠢ ᠴᠢᠨᠢ ᠬᠠᠮᠢᠭ᠎ᠠ ᠪᠠᠢᠨ᠎ᠠ ᠪᠣᠢ᠂ ᠠᠭᠠᠷᠤ ᠽᠠᠨᠳᠠᠨ ᠮᠣᠳᠣ ᠶ᠋ᠢ ᠮᠢᠨᠢ ᠬᠤᠭᠤ ᠮᠥᠷᠭᠥᠬᠦ ᠡᠪᠡᠷ ᠴᠢᠨᠢ ᠬᠠᠮᠢᠭ᠎ᠠ ᠪᠠᠢᠨ᠎ᠠ ᠪᠣᠢ 》ᠭᠡᠵᠦ ᠪᠠᠶᠠᠰᠬᠤᠯᠠᠩᠲᠤ ᠰᠢᠪᠠᠭᠤ ᠬᠡᠯᠡᠨ᠎ᠡ᠃
ᠦᠨᠡᠭᠡ《 ᠡᠨᠡ ᠦᠭᠡ ᠶ᠋ᠢ ᠴᠢᠮ᠎ᠠ ᠳ᠋ᠤ᠌ ᠶᠠᠮᠠᠷ ᠠᠮᠢᠲᠠᠨ ᠬᠡᠯᠡᠭᠰᠡᠨ ᠪᠣᠢ》 ᠭᠡᠵᠦ ᠰᠦᠷᠳᠡᠭᠦᠯᠬᠦ ᠳ᠋ᠦ᠍ ᠪᠠᠶᠠᠰᠬᠤᠯᠠᠩᠲᠤ ᠰᠢᠪᠠᠭᠤ《 ᠡᠨᠡ ᠦᠭᠡ ᠶ᠋ᠢ ᠪᠣᠯ ᠠᠷᠪᠠᠨ ᠬᠣᠶᠠᠷ ᠰᠠᠯᠠᠭ᠎ᠠ ᠡᠪᠡᠷ ᠲᠡᠢ ᠪᠤᠭᠤ ᠨᠠᠮ᠎ᠠ ᠳ᠋ᠤ᠌ ᠬᠡᠯᠡᠵᠦ ᠥᠭᠭᠦᠭᠰᠡᠨ ᠶᠤᠮ》 ᠭᠡᠯᠡ᠃
ᠵᠠᠯᠢᠲᠤ ᠦᠨᠡᠭᠡ ᠪᠤᠭᠤ ᠶ᠋ᠢ ᠣᠯᠬᠤ ᠪᠠᠷ ᠣᠢ ᠳᠤᠮᠳᠠᠭᠤᠷ ᠱᠣᠭᠰᠢᠨ ᠣᠳᠪᠠ᠃
ᠦᠨᠡᠭᠡ ᠶᠠᠪᠤᠭᠰᠠᠭᠠᠷ ᠦᠬᠦᠭᠰᠡᠨ ᠮᠠᠯ ᠤ᠋ᠨ ᠰᠡᠭ ᠳᠡᠭᠡᠷ᠎ᠡ ᠬᠦᠷᠴᠦ ᠣᠴᠢᠭᠠᠳ
ᠢᠳᠡᠰᠢ ᠬᠠᠢᠨ ᠨᠠᠭᠠᠰᠢ ᠴᠠᠭᠠᠰᠢ ᠬᠣᠯᠬᠢᠵᠤ ᠶᠠᠪᠤᠬᠤ ᠳ᠋ᠤ᠌ ᠪᠠᠨ ᠠᠩᠴᠢᠨ ᠤ᠋ ᠬᠠᠪᠬ᠎ᠠ ᠳ᠋ᠤ᠌
ᠣᠷᠣᠴᠢᠬᠠᠵᠠᠢ ᠭᠡᠨ᠎ᠡ᠃
ᠡᠭᠦᠨ ᠡᠴᠡ ᠬᠣᠢᠰᠢ ᠠᠭᠠᠷᠤ ᠽᠠᠨᠳᠠᠨ ᠮᠣᠳᠣᠨ ᠤ᠋ ᠳᠡᠭᠡᠷ᠎ᠡ ᠠᠯᠲᠠᠨ ᠫᠢᠯᠠ ᠰᠢᠭ᠋ ᠰᠠᠢᠬᠠᠨ ᠡᠭᠦᠷ ᠲᠡᠢ ᠰᠢᠪᠠᠭᠤ ᠠᠮᠤᠷ ᠲᠠᠢᠪᠤᠩ ᠠᠮᠢᠳᠤᠷᠠᠬᠤ ᠪᠣᠯᠤᠭᠰᠠᠨ ᠶᠤᠮ ᠭᠡᠳᠡᠭ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
