ᠪᠠᠷᠠᠯᠠᠨ ᠳᠠᠭᠤᠯᠠᠬᠤ ᠨᠤᠲᠤᠭ - ᠰᠢᠯᠦᠭ᠄ ᠨᠠᠰᠤᠨ᠂ ᠠᠶ᠎ᠠ᠄ ᠰᠡᠴᠡᠨᠴᠣᠭᠲᠤ᠂ ᠳᠠᠭᠤᠴᠢᠨ᠄ ᠠᠯᠲᠠᠨᠲᠤᠶᠠᠭ᠎ᠠ Бараалан дуулах нутаг - шүлэг᠄ Насан᠂ ая᠄ Цэцэнцогт᠂ дуучин᠄ Алтантуяа
ᠪᠠᠷᠠᠯᠠᠨ ᠳᠠᠭᠤᠯᠠᠬᠤ ᠨᠤᠲᠤᠭ
ᠠᠶ᠎ᠠ᠄ ᠰᠡᠴᠡᠨᠴᠣᠭᠲᠤ
ᠳᠠᠭᠤᠴᠢᠨ᠄ ᠠᠯᠲᠠᠨᠲᠤᠶᠠᠭ᠎ᠠ
ᠰᠠᠨᠠᠭᠠᠨ ᠳ᠋ᠤ᠌ ᠰᠡᠮᠡᠷᠡᠭᠡᠳ ᠪᠠᠢᠨ᠎ᠠ ᠬᠠᠩᠭᠠᠢ ᠶ᠋ᠢᠨ ᠤᠨᠢᠶᠠᠷ ᠨᠢ ᠬᠦ
ᠰᠠᠭᠠᠳᠠᠨ ᠪᠤᠭᠤᠷᠤᠯᠲᠤᠭᠠᠳ ᠪᠠᠢᠨ᠎ᠠ ᠬᠠᠢᠷᠬᠠᠨ ᠠᠭᠤᠯᠠᠰ ᠨᠢ ᠬᠦ
ᠡᠭᠡᠵᠡᠭᠡᠢ ᠨᠢ ᠠᠮᠲᠠᠭᠳᠠᠭᠠᠳ ᠪᠠᠢᠨ᠎ᠠ ᠡᠩᠭᠡᠷ ᠦ᠋ᠨ ᠠᠢᠯ ᠤ᠋ᠨ
ᠡᠵᠢ ᠮᠢᠨᠢ ᠦᠭᠡᠢᠯᠡᠭᠳᠡᠭᠡᠳ ᠪᠠᠢᠨ᠎ᠠ ᠡᠷᠬᠡ ᠦᠭᠡᠢ ᠨᠠᠳᠠ ᠳ᠋ᠤ᠌ ᠪᠠᠨ
ᠪᠠᠷᠠᠯᠠᠨ ᠪᠠᠷᠠᠯᠠᠨ ᠤᠶᠠᠷᠠᠬᠤ ᠯᠠ ᠶᠤᠮ ᠳᠠ
ᠪᠠᠶᠠᠨ ᠰᠠᠷᠠᠭᠤᠯᠬᠠᠨ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠪᠠᠷᠠᠯᠠᠨ ᠪᠠᠷᠠᠯᠠᠨ ᠤᠶᠠᠷᠠᠬᠤ ᠯᠠ ᠶᠤᠮ ᠳᠠ
ᠪᠠᠶᠠᠨ ᠰᠠᠷᠠᠭᠤᠯᠬᠠᠨ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠰᠡᠳᠬᠢᠯ ᠳ᠋ᠦ᠍ ᠭᠡᠭᠡᠯᠵᠡᠭᠡᠳ ᠪᠠᠢᠨ᠎ᠠ ᠲᠠᠯ᠎ᠠ ᠶ᠋ᠢᠨ ᠰᠠᠯᠬᠢ ᠨᠢ
ᠰᠡᠩᠭᠢᠨᠡᠨ ᠦᠨᠦᠷᠲᠦᠭᠡᠳ ᠪᠠᠢᠨ᠎ᠠ ᠳᠠᠭᠠᠨ᠎ᠠ ᠠᠭᠢ ᠨᠢ
ᠠᠳᠤᠭᠤ ᠨᠢ ᠦᠦᠷᠰᠡᠭᠡᠳ ᠪᠠᠢᠨ᠎ᠠ ᠠᠯᠤᠰ ᠤ᠋ᠨ ᠠᠨᠢᠷ ᠲᠤ᠌
ᠠᠪᠤ ᠮᠢᠨᠢ ᠪᠣᠳᠣᠭᠳᠠᠭᠠᠳ ᠪᠠᠢᠨ᠎ᠠ ᠠᠷᠭ᠎ᠠ ᠦᠭᠡᠢ ᠨᠠᠳᠠ ᠳ᠋ᠤ᠌ ᠪᠠᠨ
ᠪᠠᠷᠠᠯᠠᠨ ᠪᠠᠷᠠᠯᠠᠨ ᠲᠡᠮᠡᠦᠯᠬᠦ ᠯᠡ ᠶᠦᠮ ᠳᠡ
ᠪᠠᠶᠠᠨ ᠰᠠᠷᠠᠭᠤᠯᠬᠠᠨ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠪᠠᠷᠠᠯᠠᠨ ᠪᠠᠷᠠᠯᠠᠨ ᠲᠡᠮᠡᠦᠯᠬᠦ ᠶᠦᠮ ᠳᠡ
ᠪᠠᠶᠠᠨ ᠰᠠᠷᠠᠭᠤᠯᠬᠠᠨ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠴᠡᠭᠡᠵᠢᠨ ᠳ᠋ᠦ᠍ ᠲᠡᠨᠡᠢᠭᠡᠳ ᠪᠠᠢᠨ᠎ᠠ ᠰᠠᠢᠬᠠᠨ ᠨᠤᠲᠤᠭ ᠮᠢᠨᠢ
ᠴᠡᠴᠡᠭᠡᠰ ᠨᠢ ᠳᠠᠯᠠᠯᠤᠭᠠᠳ ᠪᠠᠢᠨ᠎ᠠ ᠰᠠᠷᠠᠭᠤᠯᠬᠠᠨ ᠪᠠᠷ᠎ᠠ ᠳ᠋ᠤ᠌ ᠨᠢ
ᠦᠯᠢᠭᠡᠷ ᠨᠢ ᠬᠦᠦᠷᠨᠢᠭᠡᠳ ᠪᠠᠢᠨ᠎ᠠ ᠬᠡᠦᠬᠡᠳ ᠨᠠᠰᠤᠨ ᠤ ᠮᠢᠨᠢ
ᠦᠨᠡᠬᠡᠷ ᠰᠠᠨᠠᠭᠳᠠᠭᠠᠳ ᠪᠠᠢᠨ᠎ᠠ ᠦᠷᠭᠦᠯᠵᠢ ᠨᠠᠳᠠ ᠳ᠋ᠤ᠌ ᠪᠠᠨ
ᠪᠠᠷᠠᠯᠠᠨ ᠪᠠᠷᠠᠯᠠᠨ ᠤᠬᠠᠭᠠᠷᠠᠬᠤ ᠯᠠ ᠶᠤᠮ ᠳᠠ
ᠪᠠᠶᠠᠨ ᠰᠠᠷᠠᠭᠤᠯᠬᠠᠨ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠪᠠᠷᠠᠯᠠᠨ ᠪᠠᠷᠠᠯᠠᠨ ᠤᠬᠠᠭᠠᠷᠠᠬᠤ ᠯᠠ ᠶᠤᠮ ᠳᠠ
ᠪᠠᠶᠠᠨ ᠰᠠᠷᠠᠭᠤᠯᠬᠠᠨ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠪᠠᠢᠨ ᠪᠠᠢᠨ ᠳᠠᠭᠤᠯᠠᠬᠤ ᠯᠠ ᠶᠤᠮ ᠳᠠ
ᠪᠠᠭ᠎ᠠ ᠶ᠋ᠢᠨ ᠬᠣᠩᠭᠣᠷ ᠨᠤᠲᠤᠭ ᠢ᠋ᠶ᠋ᠠᠨ ᠪᠢ ᠴᠢᠨᠢ
ᠦᠰᠦᠭ ᠬᠠᠳᠠᠭᠴᠢ᠄ ᠮᠥᠩᠭᠥᠨ
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ᠄ ᠮᠣᠩᠭᠣᠯᠵᠠᠶᠠᠭ᠎ᠠ᠂ ᠪᠢᠮᠪᠠ
