ᠮᠢᠨᠦ ᠨᠤᠲᠤᠭ ᠤ᠋ᠨ ᠨᠠᠭᠤᠷ -ᠮᠥᠩᠬᠡᠵᠠᠶᠠᠭ᠎ᠠMinii nutgiin nuur-MönkhjayaaМиний нутгийн нуур-Мөнхжаяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ ᠤ᠋ᠨ ᠨᠠᠭᠤᠷ -ᠮᠥᠩᠬᠡᠵᠠᠶᠠᠭ᠎ᠠMinii nutgiin nuur-MönkhjayaaМиний нутгийн нуур-Мөнхжаяа

ᠮᠢᠨᠦ ᠨᠤᠲᠤᠭ ᠤ᠋ᠨ ᠨᠠᠭᠤᠷ -ᠮᠥᠩᠬᠡᠵᠠᠶᠠᠭ᠎ᠠMinii nutgiin nuur-MönkhjayaaМиний нутгийн нуур-Мөнхжаяа

ᠠᠩᠭᠢᠯᠠᠯ:ᠳᠠᠭᠤᠤ ᠬᠥᠭᠵᠢᠮ
2026-04-13

389

ᠮᠢᠨᠦ ᠨᠤᠲᠤᠭ ᠤ᠋ᠨ ᠨᠠᠭᠤᠷ


            ᠦᠭᠡ᠄ ᠬᠠᠰᠪᠠᠲᠤ(ᠠᠷᠤ ᠬᠣᠷᠴᠢᠨ) 
            ᠠᠶ᠎ᠠ᠄ ᠮᠠᠭᠰᠠᠷᠵᠠᠪ(ᠮᠣᠩᠭᠣᠯ ᠤᠯᠤᠰ) 
            ᠳᠠᠭᠤᠴᠢᠨ᠄ ᠮᠥᠩᠬᠡᠵᠠᠶᠠᠭ᠎ᠠ 

ᠬᠥᠬᠡ ᠲᠩᠷᠢ ᠪᠡᠨ ᠵᠢᠰᠦᠯᠡᠨ ᠠᠷᠢᠭᠤᠬᠠᠨ ᠮᠡᠯᠮᠡᠷᠡᠭᠰᠡᠨ 
ᠬᠥᠷᠥᠰᠥᠲᠦ ᠳᠡᠯᠡᠬᠡᠢ ᠪᠡᠨ ᠠᠷᠭᠠᠳᠠᠨ ᠠᠯᠳᠠᠩᠬᠠᠨ ᠲᠤᠶᠠᠭᠠᠷᠠᠭᠰᠠᠨ 
ᠬᠥᠪ ᠦ᠋ᠨ ᠲᠠᠯ᠎ᠠ ᠶ᠋ᠢᠨ ᠶ᠋ᠢᠠᠨ ᠡᠯᠢᠭᠡᠨ᠎ᠳᠦ ᠨᠣᠮᠢᠩᠬᠠᠨ  ᠢᠳᠡᠭᠡᠰᠢᠭᠰᠡᠨ 
ᠬᠥᠮᠦᠨ ᠠᠷᠠᠳ ᠤ᠋ᠨ ᠢ᠋ᠶ᠋ᠠᠨ ᠤᠮᠳᠠᠭᠠᠨ ᠪᠣᠯᠤᠭᠰᠠᠨ ᠠᠮᠢᠨ ᠲᠡᠵᠢᠭᠡᠯ ᠮᠢᠨᠢ 

ᠮᠢᠨᠦ ᠨᠤᠲᠤᠭ ᠤ᠋ᠨ ᠨᠠᠭᠤᠷ ᠴᠡᠩᠬᠡᠷᠯᠡᠨ ᠬᠠᠷᠠᠭᠳᠠᠨ᠎ᠠ 
ᠮᠢᠨᠦ ᠰᠡᠳᠬᠢᠯ ᠦ᠋ᠨ ᠭᠦᠨ ᠳ᠋ᠦ᠍ ᠮᠥᠩᠬᠡᠳᠡ ᠬᠠᠯᠭᠢᠯᠠᠨ᠎ᠠ

ᠡᠭᠡᠯᠵᠢᠯᠡᠬᠦ ᠬᠣᠷᠢᠳ ᠤ᠋ᠨ ᠰᠠᠷᠠᠨ ᠳᠤᠯᠢᠳᠠᠨ ᠮᠦᠰᠢᠶᠡᠭᠰᠡᠨ
ᠡᠬᠡ ᠳᠡᠯᠡᠬᠡᠢ ᠪᠡᠨ ᠰᠦᠯᠡᠨ ᠬᠥᠭᠡᠰᠦᠷᠡᠨ ᠲᠤᠨᠤᠯᠵᠠᠭᠰᠠᠨ
ᠡᠵᠢ ᠶ᠋ᠢᠨ ᠵᠥᠭᠡᠯᠡᠨ ᠮᠡᠯᠮᠡᠢ ᠰᠢᠭ ᠤᠶᠠᠷᠠᠩᠬᠠᠨ ᠢᠪᠡᠭᠡᠭᠰᠡᠨ
ᠡᠯᠢᠭᠡ ᠪᠦᠲᠦᠨ ᠵᠠᠶᠠᠭᠠᠨ ᠤ᠋ ᠠᠮᠢᠨ ᠰᠤᠳᠠᠰᠤ ᠮᠢᠨᠢ

ᠮᠢᠨᠦ ᠨᠤᠲᠤᠭ ᠤ᠋ᠨ ᠨᠠᠭᠤᠷ ᠴᠡᠩᠬᠡᠷᠯᠡᠨ ᠬᠠᠷᠠᠭᠳᠠᠨ᠎ᠠ
ᠮᠢᠨᠦ ᠰᠡᠳᠬᠢᠯ ᠦ᠋ᠨ ᠭᠦᠨ ᠳ᠋ᠦ᠍ ᠮᠥᠩᠬᠡᠳᠡ ᠬᠠᠯᠭᠢᠯᠠᠨ᠎ᠠ

ᠠᠷᠪᠠᠨ ᠵᠦᠭ ᠦ᠋ᠨ ᠪᠤᠶᠠᠨ ᠢ᠋ ᠬᠤᠷᠤᠢᠯᠠᠨ ᠳᠠᠯᠠᠯᠤᠭᠰᠠᠨ
ᠠᠭᠢ ᠶ᠋ᠢᠨ ᠦᠨᠦᠷ ᠲᠡᠢ ᠰᠠᠯᠬᠢᠨ ᠳ᠋ᠤ᠌ ᠠᠶᠠᠷᠬᠠᠨ ᠮᠢᠷᠠᠯᠵᠠᠭᠰᠠᠨ
ᠠᠭᠠᠷ ᠤ᠋ᠨ ᠴᠡᠩᠬᠡᠷ ᠮᠠᠨᠠᠨ ᠢ᠋ ᠬᠥᠰᠢᠭᠡᠯᠡᠨ ᠤᠨᠢᠶᠠᠷᠲᠤᠭᠰᠠᠨ
ᠠᠰᠢᠳᠠ ᠶ᠋ᠢᠨ ᠲᠤᠩᠭᠠᠯᠠᠭ ᠷᠠᠰᠢᠶᠠᠨ ᠪᠣᠯᠤᠭᠰᠠᠨ ᠠᠮᠢᠨ ᠰᠠᠬᠢᠶ᠎ᠠ ᠮᠢᠨᠢ

ᠮᠢᠨᠦ ᠨᠤᠲᠤᠭ ᠤ᠋ᠨ ᠨᠠᠭᠤᠷ ᠴᠡᠩᠬᠡᠷᠯᠡᠨ ᠬᠠᠷᠠᠭᠳᠠᠨ᠎ᠠ
ᠮᠢᠨᠦ ᠰᠡᠳᠬᠢᠯ ᠦ᠋ᠨ ᠭᠦᠨ ᠳ᠋ᠦ᠍ ᠮᠥᠩᠬᠡᠳᠡ ᠬᠠᠯᠭᠢᠯᠠᠨ᠎ᠠ
ᠮᠢᠨᠦ ᠨᠤᠲᠤᠭ ᠤ᠋ᠨ ᠨᠠᠭᠤᠷ ᠴᠡᠩᠬᠡᠷᠯᠡᠨ ᠬᠠᠷᠠᠭᠳᠠᠨ᠎ᠠ
ᠮᠢᠨᠦ ᠰᠡᠳᠬᠢᠯ ᠦ᠋ᠨ ᠭᠦᠨ ᠳ᠋ᠦ᠍ ᠮᠥᠩᠬᠡᠳᠡ ᠬᠠᠯᠭᠢᠯᠠᠨ᠎ᠠ

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠣ᠎ᠠ