ᠠᠷᠪᠠᠨ ᠲᠠᠪᠤᠨ ᠤ᠋ ᠰᠠᠷ᠎ᠠ-ᠡ᠊ ∙ ᠴᠢᠯᠠᠭᠤᠨᠴᠢᠮᠡᠭ ᠪ ∙ ᠠᠯᠲᠠᠨᠵᠢᠷᠭᠠᠯ Arwan tawni sarАрван тавны сар-Э.Чулуунчимэг Б.Алтанжаргал
ᠠᠷᠪᠠᠨ ᠲᠠᠪᠤᠨ ᠤ᠋ ᠰᠠᠷ᠎ᠠ
ᠠᠷᠠᠳ ᠤ᠋ᠨ ᠳᠠᠭᠤᠤ
ᠳᠠᠭᠤᠴᠢᠨ᠄ ᠡ᠊᠂ ᠴᠢᠯᠠᠭᠤᠨᠴᠢᠮᠡᠭ᠂ ᠪᠠ᠊᠂ ᠠᠯᠲᠠᠨᠵᠢᠷᠭᠠᠯ
ᠠᠷᠪᠠᠨ ᠲᠠᠪᠤᠨ ᠤ᠋ ᠰᠠᠷ᠎ᠠ ᠨᠢ
ᠠᠭᠠᠷ ᠲᠤ᠌ ᠪᠠᠨ ᠳᠡᠭᠳᠡᠯ᠎ᠡ ᠬᠦ
ᠠᠷᠤ ᠥᠪᠥᠷ ᠢ᠋ᠶ᠋ᠡᠨ ᠳᠠᠭᠠᠭᠠᠳ
ᠡᠭᠦᠯᠡᠨ ᠦᠭᠡᠢ ᠶᠠᠭᠤ ᠶᠤᠮ ᠪᠣᠢ ᠬᠦ
ᠬᠠᠢᠷᠠᠲᠠᠢ ᠬᠣᠩᠭᠣᠷ ᠴᠢᠮ᠎ᠠ ᠪᠠᠨ
ᠬᠦᠯᠢᠶᠡᠭᠰᠡᠭᠡᠷ ᠤᠳᠠᠯ᠎ᠠ ᠬᠦ
ᠬᠠᠷᠢᠨ ᠴᠢ ᠮᠢᠨᠢ ᠬᠦᠷᠦᠭᠡᠳ ᠢᠷᠡᠬᠦ ᠦᠭᠡᠢ ᠨᠢ
ᠶᠠᠭᠤ ᠶᠠᠭᠤᠨ ᠤ᠋ ᠤᠴᠢᠷ ᠪᠣᠢ ᠬᠦ
ᠬᠤᠷ᠎ᠠ ᠪᠣᠷᠣᠭᠠᠨ ᠤ᠋ ᠰᠢᠮ᠎ᠡ ᠨᠢ
ᠠᠭᠠᠷ ᠠ᠋ᠴᠠ ᠪᠠᠭᠤᠬᠤ ᠦᠭᠡᠢ ᠪᠣᠯ
ᠬᠠᠢᠲᠠᠩ ᠶᠠᠭᠠᠨ ᠴᠡᠴᠡᠭ
ᠥᠪᠡᠷ ᠢ᠋ᠶ᠋ᠡᠨ ᠶᠠᠭᠠᠬᠢᠵᠤ ᠳᠡᠯᠭᠡᠷᠡᠬᠦ ᠶᠤᠮ ᠪᠣᠢ ᠬᠦ
ᠬᠠᠢᠷᠠᠲᠠᠢ ᠬᠣᠩᠭᠣᠷ ᠴᠢᠮ᠎ᠠ ᠪᠠᠨ
ᠬᠠᠯᠠᠰᠢᠷᠠᠯ ᠦᠭᠡᠢ ᠬᠦᠯᠢᠶᠡᠪᠡᠯ ᠬᠦ
ᠬᠠᠢᠷᠠᠯᠠᠵᠤ ᠰᠠᠨᠠᠭᠰᠠᠨ ᠬᠣᠩᠭᠣᠷ ᠲᠡᠷᠡ ᠮᠢᠨᠢ
ᠠᠶᠠᠨᠳᠠᠭᠠᠨ ᠬᠦᠷᠦᠭᠡᠳ ᠢᠷᠡᠨ᠎ᠡ ᠬᠦ
ᠠᠷᠪᠠᠩᠬᠠᠨ ᠲᠠᠪᠤᠨ ᠤ᠋ ᠮᠠᠨᠢ ᠰᠠᠷ᠎ᠠ ᠠᠢ ᠬᠦ
ᠠᠭᠠᠷ ᠲᠩᠷᠢ ᠳ᠋ᠡᠭᠡᠨ ᠳ᠋ᠧᠩᠯᠦ ᠳᠡ ᠠᠢ ᠬᠦ
ᠠᠷᠪᠠᠩᠬᠠᠨ ᠲᠠᠪᠤᠲᠠᠢ ᠰᠢᠶᠣᠤ ᠵᠢᠦ ᠨᠢ ᠠᠢ ᠬᠦ
ᠠᠪᠤ ᠡᠵᠢ ᠳ᠋ᠡᠭᠡᠨ ᠳ᠋ᠸᠩᠯᠦ ᠳᠡ ᠠᠢ ᠬᠦ
ᠰᠢᠨ᠎ᠡ ᠶ᠋ᠢᠨ ᠬᠣᠶᠠᠷ ᠤ᠋ᠨ ᠮᠠᠨᠢ ᠰᠠᠷ᠎ᠠ ᠨᠢ ᠠᠢ ᠬᠦ
ᠰᠢᠯᠢ ᠳᠡᠭᠡᠷ᠎ᠡ ᠣᠴᠢᠭᠠᠳ ᠰᠢᠩᠭᠡᠳᠡᠭ ᠶᠤᠮ ᠠᠢ ᠬᠦ
ᠰᠢᠨᠡᠬᠡᠨ ᠴᠦ᠍ ᠬᠠᠨᠢᠯᠠᠭᠰᠠᠨ ᠪᠢᠳᠡᠨ ᠬᠣᠶᠠᠷ ᠠᠢ ᠬᠦ
ᠰᠡᠳᠬᠢᠯ ᠦ᠋ᠨ ᠦᠭᠡ ᠪᠡᠨ ᠶᠠᠷᠢᠬᠤ ᠤᠤ ᠳᠠ ᠠᠢ ᠬᠦ
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
