ᠮᠢᠨᠦ ᠨᠤᠲᠤᠭ ᠰᠠᠨᠵᠢ - ᠬᠠᠰ Minii nutag sanj-KhasМиний нутаг санж-Хас ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠤᠲᠤᠭ ᠰᠠᠨᠵᠢ - ᠬᠠᠰ Minii nutag sanj-KhasМиний нутаг санж-Хас

ᠮᠢᠨᠦ ᠨᠤᠲᠤᠭ ᠰᠠᠨᠵᠢ - ᠬᠠᠰ Minii nutag sanj-KhasМиний нутаг санж-Хас

ᠠᠩᠭᠢᠯᠠᠯ:ᠳᠠᠭᠤᠤ ᠬᠥᠭᠵᠢᠮ
2026-04-12

213

ᠮᠢᠨᠦ ᠨᠤᠲᠤᠭ ᠰᠠᠨᠵᠢ


     ᠦᠭᠡ᠄ ᠪᠣᠷᠤᠬᠦᠦ 
     ᠠᠶ᠎ᠠ᠄ ᠬᠠᠰ 
     ᠳᠠᠭᠤᠴᠢᠨ᠄ ᠬᠠᠰ 

ᠰᠡᠨᠵᠢᠲᠦ ᠠᠭᠤᠯᠠᠨ ᠤ᠋ ᠬᠣᠢᠲᠤ ᠬᠣᠷᠮᠣᠢ ᠳ᠋ᠤ᠌ 
ᠰᠢᠨᠵᠢᠭᠦᠯᠵᠦ ᠰᠠᠭᠤᠭᠰᠠᠨ ᠨᠤᠲᠤᠭ ᠳ᠋ᠣᠣ 
ᠰᠢᠲᠦᠨ ᠳᠡᠭᠡᠳᠦᠯᠡᠬᠦ ᠤᠬᠠᠭᠠᠨᠲᠤ ᠦᠷᠡᠰ ᠦ᠋ᠨ 
ᠰᠠᠬᠢᠵᠤ ᠰᠠᠭᠤᠯᠲᠠᠢ ᠣᠷᠣᠨ ᠰᠢᠦ 


ᠬᠠᠷᠠᠭᠠᠨ ᠳ᠋ᠤ᠌ ᠬᠠᠷᠠᠭᠳᠠᠬᠤ ᠬᠣᠯᠠ ᠶ᠋ᠢᠨ ᠠᠭᠤᠯᠠᠰ ᠨᠢ 
ᠬᠠᠢᠷ᠎ᠠ ᠰᠡᠳᠬᠢᠯ ᠦ᠋ᠨ ᠳᠣᠯᠭᠢᠶᠠᠨ ᠳ᠋ᠣᠣ
ᠬᠠᠵᠠᠭᠤ ᠳ᠋ᠤ᠌ ᠨᠢ ᠰᠡᠬᠦᠢᠭᠰᠡᠨ ᠬᠠᠢᠯᠠᠰᠤᠨ ᠮᠣᠳᠣᠳ ᠨᠢ
ᠬᠠᠨᠠᠭᠠᠷ ᠲᠠᠯ᠎ᠠ ᠶ᠋ᠢᠨ ᠭᠠᠢᠬᠠᠮᠰᠢᠭ ᠰᠢᠦ

ᠠᠭᠲᠠ ᠶ᠋ᠢᠨ ᠠᠷᠤ ᠤᠰᠤᠨ ᠲᠦᠷᠦᠭᠦᠦ
ᠠᠳᠤᠭᠤ ᠮᠠᠯ ᠤ᠋ᠨ ᠪᠡᠯᠴᠢᠭᠡᠷ ᠳ᠋ᠣᠣ
ᠠᠵᠠ ᠵᠢᠷᠭᠠᠯ ᠤ᠋ᠨ ᠢᠷᠦᠭᠡᠯ ᠬᠤᠷᠤᠢᠯᠠᠭᠰᠠᠨ
ᠠᠴᠢᠲᠠᠢ ᠰᠠᠢᠬᠠᠨ ᠣᠷᠣᠨ ᠰᠢᠦ


ᠨᠠᠷᠮᠠᠢ ᠰᠢᠬᠦᠷ ᠬᠠᠨᠳᠠ ᠪᠤᠷᠬᠠᠨᠲᠤ
ᠨᠤᠲᠤᠭ ‍ᠤᠨ ᠰᠢᠲᠦᠭᠡᠨᠲᠦ ᠭᠠᠵᠠᠷ ᠳ᠋ᠣᠣ
ᠨᠠᠨᠳᠢᠨ ᠬᠠᠢᠷ᠎ᠠ ᠶ᠋ᠢᠨ ᠢᠯᠴᠢ ᠪᠢᠯᠬᠠᠭᠰᠠᠨ
ᠨᠠᠷᠠ ᠰᠢᠭ ᠭᠡᠷᠡᠯᠲᠦᠭᠰᠡᠨ ᠣᠷᠣᠨ ᠰᠢᠦ

ᠰᠢᠬᠦᠷ ᠦ᠋ᠨ ᠠᠭᠤᠯᠠ ᠭᠡᠷᠴᠢᠯᠠᠭᠤ
ᠰᠣᠨᠢᠷᠬᠠᠯ ᠢ᠋ ᠲᠠᠲᠠᠭᠰᠠᠨ ᠣᠷᠣᠨ ᠳ᠋ᠣᠣ
ᠰᠢᠪᠠᠭᠤᠳ ᠶᠠᠩᠭᠢᠷ ᠱᠤᠤᠭᠢᠯᠳᠤᠨ ᠪᠠᠶᠠᠰᠤᠭᠰᠠᠨ
ᠰᠢᠯᠦᠭ ᠳᠠᠭᠤᠤ ᠶ᠋ᠢᠨ ᠨᠠᠢᠷᠠᠭ ᠰᠢᠦ


ᠪᠠᠷᠵᠠᠩ ᠠᠭᠤᠯᠠ ᠵᠢᠭᠠᠬᠠᠨ ᠭᠠᠴᠠᠭ᠎ᠠ
ᠪᠠᠭ᠎ᠠ ᠨᠠᠰᠤᠨ ᠤ᠋ ᠳᠤᠷᠠᠰᠤᠮᠵᠢ ᠳ᠋ᠣᠣ 
ᠪᠠᠷᠬ᠎ᠠ ᠶ᠋ᠢᠨ ᠰᠦᠮ᠎ᠡ ᠠᠭᠲᠠ ᠶ᠋ᠢᠨ ᠠᠭᠤᠯᠠ
ᠪᠤᠷᠬᠠᠨ ᠤ᠋ ᠢᠪᠡᠭᠡᠯ ᠲᠡᠢ ᠣᠷᠣᠨ ᠰᠢᠦ 

ᠬᠠᠮᠠᠷ ᠵᠠᠮ ᠭᠠᠤᠯᠢᠨ ᠭᠠᠴᠠᠭ᠎ᠠ
ᠬᠠᠮᠲᠤᠷᠠᠯ ᠨᠢᠭᠲᠠᠷᠠᠯ ᠤ᠋ᠨ ᠵᠠᠮ ᠶᠤᠮ ᠳ᠋ᠣᠣ
ᠬᠠᠷ᠎ᠠ ᠠᠳᠠ ᠰᠢᠷᠭ᠎ᠠ ᠮᠣᠷᠢ ᠮᠢᠨᠢ
ᠬᠠᠨᠢ ᠶ᠋ᠢᠨ ᠳᠠᠶ᠋ᠢᠲᠠᠢ ᠤᠨᠤᠭ᠎ᠠ ᠰᠢᠦ

ᠪᠤᠭᠤᠷᠤᠯ ᠳᠡᠭᠡᠳᠦᠰ ᠦ᠋ᠨ ᠨᠤᠲᠤᠭ ᠤᠰᠤ ᠪᠠᠨ
ᠪᠣᠷᠤᠬᠦᠦ ᠪᠢ ᠴᠢᠨᠢ ᠳᠠᠭᠤᠯᠠᠶ᠎ᠠ ᠳ᠋ᠣᠣ
ᠪᠣᠳᠣᠯ ᠰᠡᠳᠬᠢᠯ ᠳ᠋ᠦ᠍ ᠬᠣᠨᠣᠭᠰᠢᠭᠰᠠᠨ ᠣᠷᠣᠨ ᠢ᠋ᠶ᠋ᠠᠨ 
ᠪᠤᠶᠠᠨᠰᠠᠭ ᠣᠯᠠᠨ ᠳ᠋ᠤ᠌ ᠪᠠᠨ ᠦᠯᠡᠳᠡᠭᠡᠶ᠎ᠡ ᠳ᠋ᠣᠣ

ᠡᠪᠦᠭᠡᠨ ᠴᠢᠯᠠᠭᠤ ᠲᠡᠮᠡᠭᠡᠨ ᠬᠠᠳᠠ
ᠦᠵᠡᠮᠵᠢ ᠰᠠᠢᠲᠠᠢ ᠭᠠᠵᠠᠷ ᠳ᠋ᠣᠣ
ᠥᠪᠥᠩ ᠭᠡᠷ ᠲᠤᠭ ᠲᠠᠢ ᠴᠢᠯᠠᠭᠤ
ᠥᠯᠵᠡᠢᠲᠦ ᠨᠤᠲᠤᠭ ᠤ᠋ᠨ ᠰᠣᠶᠣᠯ ᠰᠢᠦ
ᠥᠯᠵᠡᠢᠲᠦ ᠨᠤᠲᠤᠭ ᠤ᠋ᠨ ᠰᠣᠶᠣᠯ ᠰᠢᠦ!

   ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
   ᠦᠰᠦᠭ ᠬᠠᠳᠠᠭᠴᠢ᠄ ᠪᠠᠢ᠂ ᠰᠠᠷᠠᠨ᠎ᠠ
   ᠬᠢᠨᠠᠭᠴᠢ᠄ ᠣᠳᠬᠠᠨᠰᠣ᠎ᠠ