ᠰᠡᠳᠬᠢᠯ ᠳᠠᠯᠠᠯᠬᠤ ᠨᠤᠲᠤᠭ -ᠯ·ᠪᠠᠨᠽᠠᠷᠠᠭᠴᠢSetgel dallakh nutag-L·Banzragch Сэтгэл даллах нутаг-Л·Банзрагч
ᠰᠡᠳᠬᠢᠯ ᠳᠠᠯᠠᠯᠬᠤ ᠨᠤᠲᠤᠭ
ᠦᠭᠡ᠄ ᠴ· ᠠᠯᠲᠠᠨᠳᠥ᠋ᠯᠬᠢᠭᠦᠷ
ᠠᠶ᠎ᠠ᠄ ᠼ· ᠳᠠᠰᠢᠵᠡᠪᠡᠭ
ᠳᠠᠭᠤᠴᠢᠨ᠄ ᠯ· ᠪᠠᠨᠽᠠᠷᠠᠭᠴᠢ
ᠤᠨᠢᠶᠠᠷ ᠰᠡᠮᠡᠷᠡᠨ ᠠᠭᠤᠯᠠᠰ ᠬᠡᠷᠡᠯᠳᠦᠭᠡᠳ
ᠠᠭᠤᠵᠢᠮ ᠪᠣᠯᠤᠭᠠᠳ ᠰᠢᠪᠠᠭᠤᠳ ᠭᠠᠩᠭᠠᠨᠠᠭᠠᠳ
ᠰᠡᠳᠬᠢᠯ ᠦ᠋ᠨ ᠴᠢᠨᠠᠳᠤ ᠠ᠋ᠴᠠ ᠬᠠᠪᠤᠷ ᠢᠷᠡᠬᠦ ᠳ᠋ᠦ᠍
ᠰᠠᠮ ᠰᠡᠮᠬᠡᠨ ᠨᠤᠲᠤᠭ ᠢ᠋ᠶ᠋ᠠᠨ ᠰᠠᠨᠠᠬᠤ ᠶᠤᠮ ᠠ᠋
ᠡᠭᠦᠯᠡᠨ ᠳᠠᠭᠢᠨᠢ ᠨᠤᠲᠤᠭ ᠤ᠋ᠨ ᠮᠢᠨᠢ ᠰᠠᠯᠬᠢ
ᠥᠭᠡᠯᠦᠨ ᠪᠦᠪᠡᠢ ᠨᠤᠭᠤ ᠶ᠋ᠢᠨ ᠮᠢᠨᠢ ᠠᠮᠢᠰᠬᠤᠭ᠎ᠠ
ᠦᠷᠦ ᠵᠢᠷᠦᠬᠡᠨ ᠳ᠋ᠦ᠍ ᠤᠶᠠᠩᠭ᠎ᠠ ᠬᠠᠢᠷᠠᠯᠠᠬᠤ
ᠡᠪᠦᠭᠡᠳ ᠦ᠋ᠨ ᠵᠠᠶᠠᠭ᠎ᠠ ᠲᠠᠢ ᠠᠮᠤᠭᠤᠯᠠᠩ ᠬᠥᠳᠡᠭᠡ ᠮᠢᠨᠢ
ᠨᠠᠷᠠ ᠪᠠᠨ ᠥᠯᠥᠭᠡᠢᠳᠡᠨ ᠲᠩᠷᠢ ᠲᠡᠨᠢᠢᠭᠡᠳ
ᠨᠠᠪᠴᠢᠰ ᠢ᠋ᠶ᠋ᠠᠨ ᠦᠨᠦᠷᠯᠡᠨ ᠣᠳᠣᠳ ᠤᠶᠠᠷᠠᠭᠠᠳ
ᠪᠣᠳᠣᠯ ᠤ᠋ᠨ ᠴᠢᠨᠠᠳᠤ ᠠ᠋ᠴᠠ ᠬᠠᠪᠤᠷ ᠢᠷᠡᠬᠦ ᠪᠡᠷ
ᠪᠣᠷᠣᠭᠠᠨ ᠴᠢᠮᠡᠭᠡ ᠲᠡᠢ ᠨᠤᠲᠤᠭ ᠢ᠋ᠶ᠋ᠠᠨ ᠰᠠᠨᠠᠬᠤ ᠶᠤᠮ ᠠ᠋
ᠡᠭᠦᠯᠡᠨ ᠳᠠᠭᠢᠨᠢ ᠨᠤᠲᠤᠭ ᠤ᠋ᠨ ᠮᠢᠨᠢ ᠰᠠᠯᠬᠢ
ᠥᠭᠡᠯᠦᠨ ᠪᠠᠢᠪᠠᠢ ᠨᠤᠭᠤ ᠶ᠋ᠢᠨ ᠮᠢᠨᠢ ᠠᠮᠢᠰᠬᠤᠭ᠎ᠠ
ᠦᠷᠦ ᠵᠢᠷᠦᠬᠡᠨ ᠳ᠋ᠦ᠍ ᠤᠶᠠᠩᠭ᠎ᠠ ᠬᠠᠢᠷᠠᠯᠠᠬᠤ
ᠡᠪᠦᠭᠡᠳ ᠦ᠋ᠨ ᠵᠠᠶᠠᠭ᠎ᠠ ᠲᠠᠢ ᠠᠮᠤᠭᠤᠯᠠᠩ ᠬᠥᠳᠡᠭᠡ ᠮᠢᠨᠢ
ᠠᠶᠠᠯᠭᠤ ᠬᠥᠭᠯᠡᠨ ᠴᠡᠴᠡᠭᠡᠰ ᠨᠢ ᠳᠡᠯᠭᠡᠷᠡᠭᠡᠳ
ᠠᠷᠠᠳ ᠤ᠋ᠨ ᠳᠠᠭᠤᠤ ᠪᠠᠨ ᠠᠶᠠᠯᠤᠭᠠᠳ ᠮᠣᠷᠳᠠᠮᠠᠷ
ᠠᠶᠠᠨ ᠤ᠋ ᠰᠢᠪᠠᠭᠤᠳ ᠬᠠᠪᠤᠷ ᠢ᠋ᠶ᠋ᠠᠷ ᠢᠷᠡᠬᠦ ᠰᠢᠭ
ᠠᠪᠤ ᠶ᠋ᠢᠨ ᠮᠢᠨᠢ ᠰᠡᠳᠬᠢᠯ ᠳᠠᠯᠠᠯᠤᠨ᠎ᠠ
ᠡᠭᠦᠯᠡᠨ ᠳᠠᠭᠢᠨᠢ ᠨᠤᠲᠤᠭ ᠤ᠋ᠨ ᠮᠢᠨᠢ ᠰᠠᠯᠬᠢ
ᠥᠭᠡᠯᠦᠨ ᠪᠦᠪᠡᠢ ᠨᠤᠭᠤ ᠶ᠋ᠢᠨ ᠮᠢᠨᠢ ᠠᠮᠢᠰᠬᠤᠭ᠎ᠠ
ᠦᠷᠦ ᠵᠢᠷᠦᠬᠡᠨ ᠳ᠋ᠦ᠍ ᠤᠶᠠᠩᠭ᠎ᠠ ᠬᠠᠢᠷᠠᠯᠠᠬᠤ
ᠡᠪᠦᠭᠡᠳ ᠦ᠋ᠨ ᠵᠠᠶᠠᠭ᠎ᠠ ᠲᠠᠢ ᠠᠮᠤᠭᠤᠯᠠᠩ ᠬᠥᠳᠡᠭᠡ ᠮᠢᠨᠢ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
